ᠡᠮᠦᠨᠡᠳᠦ ᠮᠣᠩᠭᠣᠯ ᠦ᠋ᠨ ᠶᠡᠬᠡ ᠬᠤᠷᠠᠯᠲᠠᠢ

ᠮᠡᠳᠡᠭᠡ 2023 08 29

<<ᠡᠮᠦᠨᠡᠲᠦ ᠮᠣᠩᠭᠣᠯ ᠤᠨ ᠠᠰᠠᠭᠤᠳᠠᠯ — ᠡᠮᠦᠨᠡᠲᠦ ᠮᠣᠩᠭᠣᠯ ᠳᠤ ᠣᠳᠣ ᠶᠠᠭ ᠶᠠᠭᠤ ᠪᠣᠯᠵᠤ ᠪᠠᠢᠭ᠎ᠠ ᠪᠤᠢ>> ᠬᠤᠷᠠᠯ ᠤᠨ ᠮᠡᠳᠡᠭᠳᠡᠯ

<<ᠡᠮᠦᠨᠡᠲᠦ ᠮᠣᠩᠭᠣᠯ ᠤᠨ ᠠᠰᠠᠭᠤᠳᠠᠯ — ᠡᠮᠦᠨᠡᠲᠦ ᠮᠣᠩᠭᠣᠯ ᠳᠤ ᠣᠳᠣ ᠶᠠᠭ ᠶᠠᠭᠤ ᠪᠣᠯᠵᠤ ᠪᠠᠢᠭ᠎ᠠ ᠪᠤᠢ>> ᠬᠤᠷᠠᠯ ᠤᠨ

ᠮᠡᠳᠡᠭᠳᠡᠯ

2023 ᠣᠨ10 ᠰᠠᠷ᠎ᠠ ᠶᠢᠨ9 ᠦ ᠡᠳᠦᠷ᠂ ᠶᠠᠫᠣᠨ ᠤᠯᠤᠰ ᠤᠨ ᠪᠠᠷᠠᠭᠤᠨ ᠪᠦᠰᠡ ᠨᠤᠲᠤᠭ ᠲᠠᠬᠢ ᠨᠠᠷᠠ ᠮᠤᠵᠢ ᠳᠤ<<ᠡᠮᠦᠨᠡᠲᠦ ᠮᠣᠩᠭᠣᠯ ᠤᠨ ᠠᠰᠠᠭᠤᠳᠠᠯ  — ᠡᠮᠦᠨᠡᠲᠦ ᠮᠣᠩᠭᠣᠯ ᠳᠤ ᠣᠳᠣ ᠶᠠᠭ ᠶᠠᠭᠤ ᠪᠣᠯᠵᠤ ᠪᠠᠢᠭ᠎ᠠ ᠪᠤᠢ>>ᠰᠡᠳᠦᠪ ᠢᠶᠡᠷ ᠲᠠᠩᠬᠢᠮ ᠦᠨ ᠬᠤᠷᠠᠯ ᠵᠣᠬᠢᠶᠠᠨ ᠪᠠᠢᠭᠤᠯᠤᠭᠳᠠᠬᠤ ᠭᠡᠵᠦ ᠪᠠᠢᠨ᠎ᠠ᠃

ᠰᠡᠳᠦᠪ᠄<<ᠡᠮᠦᠨᠡᠲᠦ ᠮᠣᠩᠭᠣᠯ ᠤᠨ ᠠᠰᠠᠭᠤᠳᠠᠯ  — ᠡᠮᠦᠨᠡᠲᠦ ᠮᠣᠩᠭᠣᠯ ᠳᠤ ᠣᠳᠣ ᠶᠠᠭ ᠶᠠᠭᠤ ᠪᠣᠯᠵᠤ ᠪᠠᠢᠭ᠎ᠠ ᠪᠤᠢ>>

ᠬᠡᠵᠢᠶ᠎ᠡ᠌

2023 ᠣᠨ ᠤ 10 ᠳ᠋ᠤᠭᠠᠷ ᠰᠠᠷ᠎ᠠ ᠶᠢᠨ 9 ᠤ ᠡᠳᠦᠷ

13᠄30 ᠡᠴᠡ ᠡᠬᠢᠯᠡᠨ᠎ᠡ᠃

ᠬᠠᠮᠢᠭ᠎ᠠ ᠨᠠᠷᠠ ᠠᠶᠢᠮᠠᠭ ᠤᠨ ᠨᠡᠶᠢᠭᠡᠮ ᠤᠨ ᠬᠠᠯᠠᠮᠵᠢ ᠶᠢᠨ ᠲᠥᠪ ᠦᠨ ᠲᠣᠮᠣ ᠲᠠᠩᠬᠢᠮ

場所:奈良県社会福祉総合センター 大ホール

 奈良県橿原市大久保町320-11 ※近鉄橿原線「畝傍御陵前」駅より徒歩1分

ᠮᠠᠲ᠋ᠧᠷᠢᠶᠠᠯ ᠤᠨ ᠲᠥᠯᠥᠪᠦᠷᠢ᠄ 1000  ᠶᠸᠨ

ᠢᠯᠡᠳᠭᠡᠯ ᠬᠢᠭᠴᠢᠳ

 ᠲᠠᠺᠠᠶ᠋ᠢᠴᠢ ᠰᠠᠨᠠᠶ᠋ᠸ

 ᠰᠡᠳᠦᠪ᠄《ᠡᠮᠦᠨᠡᠲᠦ ᠮᠣᠩᠭᠣᠯ ᠳᠤ ᠣᠳᠣ ᠶᠠᠭ ᠶᠠᠭᠤ ᠪᠣᠯᠵᠤ ᠪᠠᠢᠭ᠎ᠠ ᠪᠤᠢ︖》

 ᠶᠠᠫᠣᠨ  ᠤ ᠡᠳ᠋  ᠦᠨ ᠵᠠᠰᠠᠭ ᠤᠨ ᠠᠶᠤᠯ ᠦᠭᠡᠢ ᠪᠠᠶᠢᠳᠠᠯ ᠢ ᠬᠠᠮᠠᠭᠠᠯᠠᠬᠤ ᠶᠠᠮᠤᠨ ᠤ ᠰᠠᠢᠳ᠂  ᠯᠢᠪᠸᠷᠡᠯ ᠠᠷᠠᠳᠴᠢᠯᠠᠭᠰᠠᠨ ᠨᠠᠮ ᠤᠨ ᠫᠠᠷᠯᠠᠮᠸᠨᠲ ᠤᠨ ᠭᠡᠰᠢᠭᠦᠨ᠂ ᠡᠮᠦᠨᠡᠲᠦ ᠮᠣᠩᠭᠣᠯ ᠢ ᠳᠡᠮᠵᠢᠬᠦ ᠫᠠᠷᠯᠠᠮᠧᠨᠲ ᠤᠨ ᠬᠣᠯᠪᠣᠭᠠᠨ ᠤ ᠳᠠᠷᠤᠭ᠎ᠠ

ᠭᠣᠪᠣᠷᠣᠳ ᠠᠷᠴᠠ

 ᠰᠡᠳᠦᠪ᠄《ᠡᠮᠦᠨᠡᠲᠦ ᠮᠣᠩᠭᠣᠯ ᠤᠨ ᠥᠩᠭᠡᠷᠡᠭᠰᠡᠨ ᠪᠠ ᠥᠨᠥ ᠶᠢᠨ ᠪᠠᠶᠢᠳᠠᠯ》

  ᠺᠣᠣᠪᠸ ᠶᠡᠬᠡ ᠰᠤᠷᠭᠠᠭᠤᠯᠢ ᠶᠢᠨ ᠴᠠᠭ ᠤᠨ ᠪᠠᠭᠰᠢ᠂ ᠡᠮᠦᠨᠡᠲᠦ ᠮᠣᠩᠭᠣᠯ ᠤᠨ ᠶᠡᠬᠡ ᠬᠤᠷᠠᠯᠳᠠᠢ ᠶᠢᠨ ᠶᠡᠷᠦᠩᠬᠡᠢ ᠨᠠᠷᠢᠨ ᠪᠢᠴᠢᠭ ᠦᠨ ᠳᠠᠷᠤᠭ᠎ᠠ 

ᠮᠢᠡᠦᠷᠠ ᠺᠣᠲ᠋ᠠᠷᠣ᠋

 ᠰᠡᠳᠦᠪ᠄《 ᠱᠢᠪᠠ ᠷᠢᠶᠣᠲ᠋ᠠᠷᠣᠣ ᠪᠠ ᠣᠷᠴᠢᠨ ᠦᠶ᠎ᠡ ᠶᠢᠨ ᠮᠣᠩᠭᠣᠯ ᠤᠨ ᠲᠡᠦᠬᠡ》

ᠠᠽᠢᠶ᠎ᠠ ᠶᠢᠨ ᠯᠢᠪᠧᠷᠠᠯ ᠠᠷᠠᠳᠴᠢᠯᠠᠯ ᠤᠨ ᠡᠪ ᠨᠢᠭᠡᠳᠦᠯ ᠦᠨ ᠵᠥᠪᠯᠡᠯ ᠦᠨ ᠶᠡᠷᠦᠩᠬᠡᠢ ᠨᠠᠷᠢᠨ ᠪᠢᠴᠢᠭ ᠦᠨ ᠳᠠᠷᠤᠭ᠎ᠠ᠂ ᠵᠣᠬᠢᠶᠠᠯᠴᠢ ᠂ ᠰᠢᠭᠦᠮᠵᠢᠯᠡᠭᠴᠢ

ᠵᠣᠬᠢᠶᠠᠨ ᠪᠠᠶᠢᠭᠤᠯᠤᠭᠴᠢ᠄ ᠡᠮᠦᠨᠡᠲᠦ ᠮᠣᠩᠭᠣᠯ ᠤᠨ ᠶᠡᠬᠡ ᠬᠤᠷᠠᠯᠳᠠᠢ

ᠬᠠᠮᠲᠤᠷᠠᠨ ᠵᠣᠬᠢᠶᠠᠨ ᠪᠠᠢᠭᠤᠯᠤᠭᠴᠢ᠄  ᠷᠢᠲ᠋ᠠ ᠷᠢᠲ᠋ᠠ ᠬᠤᠷᠠᠯ

 ᠲᠠᠺᠠᠶ᠋ᠢᠴᠢ ᠰᠠᠨᠠᠶ᠋ᠸ  ᠶᠢᠨ ᠮᠸᠰᠰᠸᠵᠢ

ᠡᠮᠦᠨᠡᠲᠦ ᠮᠣᠩᠭᠣᠯ (《ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ》ᠭᠡᠭᠳᠡᠳᠡᠭ) ᠨᠢ ᠬᠢᠲᠠᠳ ᠤᠨ ᠬᠣᠢᠲᠤ ᠬᠡᠰᠡᠭ ᠲᠦ ᠣᠷᠣᠰᠢᠳᠠᠭ ᠪᠥᠭᠡᠳ ᠮᠣᠩᠭᠣᠯ ᠤᠯᠤᠰ ᠲᠠᠢ ᠬᠢᠯᠢᠯᠡᠳᠡᠭ᠃  ᠮᠣᠩᠭᠣᠯ ᠤᠯᠤᠰ ᠪᠣᠯᠣᠨ ᠡᠮᠦᠨᠡᠲᠦ ᠮᠣᠩᠭᠣᠯ ᠨᠢ ᠨᠢᠭᠡ ᠦᠨᠳᠦᠰᠦᠲᠡᠨ ᠪᠣᠯᠪᠠᠴᠤ ᠳᠡᠯᠡᠬᠡᠢ ᠶᠢᠨ ᠬᠣᠶᠠᠳᠤᠭᠠᠷ ᠳᠠᠶᠢᠨ ᠤ  ᠦᠷ᠎ᠡ ᠳ᠋ᠦᠩ ᠳᠦ ᠬᠣᠶᠠᠷ ᠬᠤᠪᠢᠶᠠᠭᠳᠠᠵᠤ᠂ ᠥᠭᠡᠷ᠎ᠡ ᠥᠭᠡᠷ᠎ᠡ ᠤᠯᠤᠰ ᠲᠤ ᠠᠮᠢᠳᠤᠷᠠᠬᠤ ᠪᠣᠯᠤᠭᠰᠠᠨ ᠪᠠᠢᠨ᠎ᠠ᠃

ᠲᠣᠰ ᠪᠥᠰᠡ ᠨᠤᠲᠤᠭ ᠨᠢ ᠮᠠᠨᠵᠤ  ᠤᠯᠤᠰ ᠤᠨ ᠦᠶ᠎ᠡ ᠳᠦ ᠶᠠᠫᠣᠨ ᠮᠠᠶ᠋ᠢᠭ ᠤᠨ ᠰᠢᠨᠡᠴᠢᠯᠡᠯ ᠥᠷᠨᠢᠭᠰᠡᠨ ᠶᠠᠫᠣᠨ ᠤᠯᠤᠰ ᠲᠠᠢ ᠲᠡᠦᠬᠡᠨ ᠣᠨᠴᠠᠭᠠᠢ ᠬᠠᠷᠢᠯᠴᠠᠭ᠎ᠠ ᠲᠠᠢ ᠪᠠᠶᠢᠭᠰᠠᠨ ᠪᠥᠭᠡᠳ ᠣᠳᠣ ᠴᠤ ᠭᠡᠰᠡᠨ ᠤᠮᠠᠷᠠᠲᠤ ᠪᠣᠯᠤᠨ ᠡᠮᠦᠨᠡᠲᠦ ᠮᠣᠩᠭᠣᠯᠴᠤᠳ ᠨᠢ ᠶᠠᠫᠣᠨ ᠳᠦ ᠳᠣᠲᠣᠨᠤᠰᠤᠭ ᠬᠦᠮᠦᠰ ᠭᠣᠣᠯᠲᠠᠢ᠃ ᠶᠠᠫᠣᠨ ᠤᠯᠤᠰ  ᠨᠢ ᠲᠤᠰᠠᠭᠠᠷ ᠲᠣᠭᠲᠠᠨᠢᠭᠰᠠᠨ ᠤᠯᠤᠰ ᠪᠣᠯᠣᠭᠰᠠᠨ ᠤ ᠬᠤᠪᠢ ᠳᠤ ᠡᠷᠬᠡ ᠴᠢᠯᠦᠭᠡ᠂ ᠬᠦᠮᠦᠨ ᠦ ​​ᠡᠷᠬᠡ᠂ ᠠᠷᠠᠳᠴᠢᠯᠠᠯ᠂ ᠬᠠᠤᠯᠢ ᠳᠡᠭᠡᠳᠦᠯᠡᠬᠦ ᠵᠠᠷᠴᠢᠮ ᠳᠤ ᠰᠠᠭᠤᠷᠢᠯᠠᠭᠰᠠᠨ ᠣᠯᠠᠨ ᠤᠯᠤᠰ ᠤᠨ ᠬᠠᠮᠲᠤ ᠶᠢᠨ  ᠨᠡᠢᠭᠡᠮ ᠢ  ᠴᠣᠭᠴᠠᠯᠠᠵᠤ᠂ ᠤᠯᠤᠰ ᠤᠨ ᠳᠣᠲᠣᠭᠠᠳᠤ᠂ ᠭᠠᠳᠠᠭᠠᠳᠤ ᠳᠤ ᠪᠠᠶᠢᠭ᠎ᠠ ᠬᠦᠮᠦᠰ ᠦᠨ ᠠᠶᠤᠯ ᠦᠭᠡᠢ ᠪᠠᠶᠢᠳᠠᠯ ᠢ᠂ ᠲᠡᠷᠡ ᠳᠤᠮᠳᠠ ᠪᠠᠨ ᠮᠣᠩᠭᠣᠯ ᠤᠨ ᠨᠠᠶᠢᠵᠠ ᠨᠥᠬᠥᠳ ᠦᠨ ᠢᠶᠡᠨ ᠠᠶᠤᠯ ᠦᠭᠡᠢ ᠪᠠᠶᠢᠳᠠᠯ ᠢ ᠬᠠᠮᠠᠭᠠᠯᠠᠬᠤ ᠶᠢᠨ ᠲᠤᠯᠠᠳᠠ ᠴᠢᠳᠠᠬᠤ ᠪᠦᠬᠦᠨ ᠢᠶᠡᠨ ᠬᠢᠬᠦ ᠪᠣᠯᠤᠨ᠎ᠠ᠂ ᠮᠦᠨ ᠡᠭᠦᠨ ᠳᠦ ᠥᠪᠡᠷᠰᠡᠳ ᠦᠨ ᠢᠶᠡᠨ ᠬᠤᠪᠢ ᠨᠡᠮᠡᠷᠢ ᠤᠷᠤᠭᠤᠯᠬᠤ ᠶᠣᠰᠣᠲᠠᠢ ᠭᠡᠵᠦ ᠪᠣᠳᠣᠵᠤ ᠪᠠᠶᠢᠨ᠎ᠠ᠃

ᠪᠢ  ᠲᠤᠰ ᠬᠤᠷᠠᠯᠳᠤᠭᠠᠨ ᠳᠤ ᠣᠷᠣᠯᠴᠠᠨ᠂ ᠪᠤᠢ ᠪᠦᠬᠦ ᠬᠦᠮᠦᠰ ᠲᠦ ᠡᠨᠡ ᠬᠦ ᠠᠰᠠᠭᠤᠳᠠᠯ ᠤᠨ ᠲᠠᠯ᠎ᠠ ᠪᠠᠷ ᠬᠢ  ᠰᠠᠨᠠᠯ ᠪᠣᠳᠣᠯ ᠢᠶᠠᠨ ᠬᠤᠪᠢᠶᠠᠯᠴᠠᠬᠤ ᠶᠢ  ᠮᠠᠰᠢ ᠪᠠᠶᠠᠷᠲᠠᠢ ᠬᠦᠯᠢᠶᠡᠵᠦ ᠪᠠᠶᠢᠨ᠎ᠠ᠃

info@southmongolia.org