(ᠨᠠᠶᠢᠷᠠᠭᠤᠯᠤᠭᠴᠢ ᠶᠢᠨ ᠦᠭᠡ)᠄ ᠣᠳᠣ ᠠᠴᠠ ᠠᠷᠪᠠᠭᠠᠳ ᠵᠢᠯ ᠦᠨ ᠡᠮᠦᠨ᠎ᠡ᠂ ᠥᠪᠥᠷ ᠮᠣᠩᠭᠣᠯ ᠵᠠᠯᠠᠭᠤᠰ ᠤᠨ ᠵᠣᠬᠢᠶᠠᠨ ᠳᠠᠭᠤᠯᠠᠭᠰᠠᠨ ᠬᠢᠫ ᠬᠣᠫ ᠳᠠᠭᠤᠤ<< ᠪᠣᠰᠴᠠᠭ᠎ᠠ︕ ᠮᠢᠨᠤ ᠥᠪᠥᠷ ᠮᠣᠩᠭᠣᠯ>>᠃ ᠵᠣᠬᠢᠶᠠᠭᠴᠢ ᠨᠢ ᠲᠣᠳᠤᠷᠬᠠᠢ ᠦᠭᠡᠢ ᠪᠥᠭᠡᠳ ᠣᠳᠣ ᠴᠤ ᠲᠡᠷᠡ ᠬᠡᠪ ᠢᠶᠡᠷ ᠢᠶᠠᠨ᠂ ᠪᠠᠰᠠ ᠡᠯᠳᠡᠪ ᠦᠨ ᠴᠤᠤ ᠶᠠᠷᠢᠶ᠎ᠠ ᠴᠤ ᠶᠠᠷᠢᠭᠳᠠᠳᠠᠭ ᠪᠠᠶᠢᠭᠰᠠᠨ ᠨᠢ ᠦᠨᠡᠨ᠃ ᠭᠡᠪᠡᠴᠦ ᠡᠨᠡ ᠳᠠᠭᠤᠤ ᠥᠪᠥᠷ ᠮᠣᠩᠭᠣᠯᠴᠤᠳ ᠤᠨ ᠳᠤᠮᠳᠠ ᠮᠠᠷᠲᠠᠭᠳᠠᠬᠤ ᠦᠭᠡᠢ᠃ ᠣᠳᠤ ᠪᠢᠳᠡᠨ ᠦ ᠥᠪᠥᠷ ᠮᠣᠩᠭᠣᠯᠴᠤᠳ ᠲᠤ ᠴᠤᠬᠤᠮ ᠶᠠᠭᠤ ᠦᠯᠡᠳᠡᠵᠦ ᠪᠠᠶᠢᠭ᠎ᠠ ᠶᠤᠮ ᠪᠣᠯ︖ ᠮᠠᠨ ᠤ ᠮᠠᠯ ᠲᠠᠷᠢᠶ᠎ᠠ᠂ ᠨᠤᠲᠤᠭ ᠪᠡᠯᠴᠢᠭᠡᠷ ᠶᠠᠭᠠᠬᠢᠪᠠ︖ ᠪᠢᠳᠡᠨ ᠤ ᠦᠷ᠎ᠡ ᠬᠡᠦᠬᠡᠳ ᠣᠳᠣ ᠥᠪᠡᠷᠰᠡᠳ ᠦᠨ ᠢᠶᠠᠨ ᠳᠤᠷ᠎ᠠ ᠪᠠᠷ ᠪᠣᠰᠤ ᠴᠤ ᠭᠡᠰᠡᠨ ᠬᠢᠲᠠᠳ ᠢᠶᠠᠷ ᠰᠤᠷᠬᠤ ᠪᠣᠯᠪᠠ᠃ ᠪᠢᠳᠡᠨ ᠦ ᠦᠦᠬᠡ ᠲᠡᠦᠬᠡ᠂ ᠥᠪ ᠰᠣᠶᠣᠯ ᠭᠡᠵᠦ ᠪᠢᠳᠡ ᠵᠣᠪᠠᠵᠤ ᠪᠠᠶᠢᠭ᠎ᠠ ᠦᠦ︖ ᠥᠪᠡᠷᠰᠡᠳ ᠦᠨ ᠬᠡᠯᠡ ᠪᠡᠷ ᠢᠶᠡᠨ ᠰᠤᠷᠬᠤ ᠡᠷᠬᠡ ᠪᠡᠨ ᠬᠦᠷᠲᠡᠯ᠎ᠡ ᠠᠯᠳᠠᠴᠢᠬᠠᠭᠰᠠᠨ ᠪᠢᠳᠡ᠂ ᠪᠢᠳᠡᠨ ᠳᠦ ᠦᠨᠡᠬᠡᠷ ᠡᠨᠡ ᠪᠠᠶᠢᠨ᠎ᠠ ᠲᠡᠷᠡ ᠪᠠᠶᠢᠨ᠎ᠠ ᠭᠡᠳ ᠮᠠᠵᠤᠭᠤᠯᠤᠭᠠᠳ ᠪᠠᠶᠢᠭ᠎ᠠ ᠶᠤᠮ ᠪᠠᠶᠢᠭ᠎ᠠ ᠶᠤᠮ ᠪᠣᠯᠪᠠ ᠦᠦ ᠳ᠋ᠡ᠃ ᠪᠢᠳᠡᠨ ᠳᠦ ᠴᠣᠬᠣᠮ ᠶᠠᠮᠠᠷ ᠵᠠᠮ ᠦᠯᠡᠳᠡᠵᠦ ᠪᠠᠶᠢᠭ᠎ᠠ ᠪᠣᠯ︖
ᠪᠣᠰᠴᠠᠭ᠎ᠠ︕ ᠮᠢᠨᠤ ᠥᠪᠥᠷ ᠮᠣᠩᠭᠣᠯ
( ᠳᠠᠭᠤᠨ ᠤ ᠰᠢᠯᠦᠭ ᠢ ᠰᠣᠨᠣᠰᠣᠨ ᠪᠢᠴᠢᠭᠰᠡᠨ ᠲᠤᠯᠠ ᠡᠨᠳᠡᠭᠦᠦ ᠪᠤᠷᠤᠭᠤ ᠪᠠᠶᠢᠵᠤ ᠮᠠᠭᠠᠳ᠂ ᠵᠠᠯᠠᠷᠠᠭᠤᠯᠤᠨ ᠤᠩᠰᠢᠨ᠎ᠠ ᠦᠦ)
ᠡᠨᠡ ᠬᠣᠷᠸ᠎ᠠ ᠶᠢ ᠦᠵᠡᠨ ᠶᠠᠳᠠᠨ᠎ᠠ
ᠡᠨᠡ ᠠᠮᠢᠳᠤᠷᠠᠯ ᠡᠷᠢᠶᠡᠨ ᠪᠠᠷᠢᠶᠠᠨ ᠨᠢᠯᠪᠤᠰᠤ ᠬᠠᠲᠠᠨ᠎ᠠ
ᠢᠩᠬᠢᠵᠦ ᠪᠣᠳᠤᠬᠤ ᠪᠠᠷ ᠡᠯᠳᠡᠪ ᠮᠠᠭᠤ ᠰᠤᠪᠢᠩ ᠲᠠᠲᠠᠨ᠎ᠠ
ᠴᠢᠳᠠᠯ ᠲᠠᠢ ᠨᠢ ᠴᠢᠳᠠᠯ ᠦᠭᠡᠢ ᠳᠡᠬᠡᠨ ᠳᠡᠭᠡᠷᠬᠡᠯᠡᠵᠦ ᠪᠠᠶᠢᠳᠠᠭ ᠰᠣᠨᠢᠨ ᠬᠠᠴᠢᠨ
ᠪᠣᠰ ᠡ᠂ ᠡᠨᠡ ᠬᠣᠶᠠᠷ ᠡᠳᠦᠷ ᠦᠨ ᠬᠣᠣᠰ ᠡ
ᠦᠨᠡᠨ ᠶᠣᠰᠣ ᠨᠡᠶᠢᠭᠡᠮ ᠵᠢᠷᠤᠮ ᠤᠨ ᠬᠠᠷᠠᠩᠭᠤᠢ ᠳᠤ ᠳᠠᠷᠤᠭᠳᠠᠭᠰᠠᠨ
ᠮᠢᠨᠤ ᠥᠪᠥᠷ ᠮᠣᠩᠭᠣᠯᠴᠤᠳ
ᠨᠢᠭᠡ ᠨᠢᠭᠡᠨ ᠡᠴᠡ ᠪᠡᠨ ᠳᠡᠭᠡᠭᠦᠷ ᠭᠠᠷᠬᠤ ᠭᠡᠵᠦ
ᠮᠡᠳᠡᠷᠡᠯ ᠠᠯᠳᠠᠨ ᠱᠣᠩᠬᠤᠯᠵᠠᠭᠠᠳ
ᠬᠠᠷᠢᠨ ᠬᠢᠲᠠᠳ ᠤᠨ ᠡᠮᠦᠨ᠎ᠡ ᠪᠣᠯᠬᠤᠷ
ᠳᠤᠩᠬᠤᠯᠵᠠᠭᠠᠳ ᠡᠷᠬᠡ ᠴᠢᠯᠦᠭᠡ
ᠬᠠᠶᠢᠷᠠᠨ ᠰᠠᠶᠢᠬᠠᠨ ᠨᠤᠲᠤᠭ ᠰᠢᠷᠤᠢ
ᠡᠪᠳᠡᠷᠡᠭᠰᠡᠨ ᠮᠡᠲᠦ ᠥᠮᠬᠦᠯᠦᠭᠰᠡᠨ
17ᠳ᠋ᠤᠭᠠᠷ ᠵᠠᠭᠤᠨ ᠢᠶᠠᠷ ᠲᠦᠭᠵᠢᠷᠡᠵᠦ
21 ᠢ ᠳᠠᠪᠠᠲᠠᠯ᠎ᠠ ᠤᠨᠠᠭᠰᠠᠨ
ᠠᠷᠪᠠᠨ ᠬᠡᠳᠦᠬᠡᠨ ᠨᠠᠰᠤᠲᠠᠢ ᠪᠠᠯᠴᠢᠷ ᠨᠠᠰᠤ ᠰᠢᠭ᠋ ᠮᠢᠨᠤ ᠥᠪᠥᠷ ᠮᠣᠩᠭᠣᠯ
ᠣᠳᠣ ᠪᠣᠰᠬᠣ ᠪᠣᠯᠣᠭᠰᠠᠨ ᠰᠢᠦ
ᠡᠰᠡᠪᠡᠯ ᠣᠷᠤ ᠲᠠᠰᠤᠷᠠᠬᠤ ᠨᠢ ᠡ
ᠡᠨᠡ ᠬᠡᠳᠦᠨ ᠬᠢᠲᠠᠳ ᠤᠳ ᠲᠤ ᠢᠳᠡᠭᠳᠡᠨ ᠰᠠᠭᠤᠵᠤ
ᠪᠢᠳᠡᠨ ᠦ ᠨᠠᠰᠤ ᠪᠠᠷᠠᠬᠤ ᠨᠢ ᠡ
ᠡᠵᠡᠨ ᠴᠢᠩᠭᠢᠰ ᠡᠪᠦᠭᠡ ᠳᠡᠭᠡᠳᠦᠰ
ᠡᠷᠲᠡᠨ ᠦ ᠪᠠᠭᠠᠲᠤᠷ ᠮᠣᠩᠭᠣᠯ ᠶᠠᠰᠤᠲᠠᠨ ᠤᠳ
ᠡᠳᠦᠢ ᠴᠤ ᠭᠡᠰᠡᠨ ᠪᠢᠳᠡᠨ ᠦ ᠳᠡᠭᠡᠷ᠎ᠡ ᠡᠴᠡ ᠬᠠᠷᠠᠵᠤ ᠯᠠ ᠰᠠᠭᠤᠭ᠎ᠠ ᠂ ᠦᠵᠡᠵᠦ ᠯᠡ ᠰᠠᠭᠤᠭ᠎ᠠ
ᠡᠨᠡ ᠪᠢᠳᠡᠨ ᠦ ᠭᠠᠷ ᠳᠡᠭᠡᠷ᠎ᠡ ᠬᠠᠶᠢᠷᠠᠨ ᠮᠣᠩᠭᠣᠯ ᠦᠨᠳᠦᠰᠦ ᠮᠦᠬᠦᠬᠦ ᠨᠢ ᠡ
ᠡᠨᠡ ᠪᠢᠳᠡᠨ ᠦ ᠥᠪᠥᠷ ᠳᠡᠭᠡᠷ᠎ᠡ ᠬᠠᠷᠢᠨ ᠮᠣᠩᠭᠣᠯ ᠤᠳᠤᠮ ᠲᠠᠰᠤᠷᠠᠬᠤ ᠨᠢ ᠡ
ᠪᠣᠰᠴᠠᠭ᠎ᠠ︕ ᠮᠢᠨᠤ ᠳᠠᠷᠤᠯᠠᠭᠳᠠᠭᠰᠠᠨ ᠥᠪᠥᠷ ᠮᠣᠩᠭᠣᠯ
ᠪᠣᠰᠴᠠᠭ᠎ᠠ︕ ᠮᠢᠨᠤ ᠲᠣᠣᠷᠯᠠᠭᠳᠠᠭᠰᠠᠨ ᠥᠪᠥᠷ ᠮᠣᠩᠭᠣᠯ
ᠪᠣᠰᠴᠠᠭ᠎ᠠ︕ ᠮᠢᠨᠤ ᠮᠠᠯᠯᠠᠭᠳᠠᠭᠰᠠᠨ ᠥᠪᠥᠷ ᠮᠣᠩᠭᠣᠯ
ᠮᠣᠩᠭᠣᠯ ᠶᠠᠰᠤᠲᠠᠨ ᠤ ᠤᠤᠬᠠᠢ ᠪᠢᠳᠡᠨ ᠢ ᠳᠠᠭᠤᠳᠠᠵᠤ ᠪᠠᠶᠢᠭ᠎ᠠ
ᠪᠣᠰᠴᠠᠭ᠎ᠠ ︕
ᠪᠣᠰᠴᠠᠭ᠎ᠠ︕ᠮᠢᠨᠤ ᠳᠠᠷᠤᠯᠠᠭᠳᠠᠭᠰᠠᠨ ᠥᠪᠥᠷ ᠮᠣᠩᠭᠣᠯ
ᠪᠣᠰᠴᠠᠭ᠎ᠠ︕ ᠮᠢᠨᠤ ᠲᠣᠣᠷᠯᠠᠭᠳᠠᠭᠰᠠᠨ ᠥᠪᠥᠷ ᠮᠣᠩᠭᠣᠯ
ᠪᠣᠰᠴᠠᠭ᠎ᠠ︕ ᠮᠢᠨᠤ ᠮᠠᠯᠯᠠᠭᠳᠠᠭᠰᠠᠨ ᠥᠪᠥᠷ ᠮᠣᠩᠭᠣᠯ
ᠮᠣᠩᠭᠣᠯ ᠶᠠᠰᠤᠲᠠᠨ ᠤ ᠤᠤᠬᠠᠢ ᠪᠢᠳᠡᠨ ᠢ ᠳᠠᠭᠤᠳᠠᠵᠤ ᠪᠠᠶᠢᠭ᠎ᠠ
ᠪᠣᠰᠴᠠᠭ᠎ᠠ︕
ᠠᠬᠠᠨ ᠳᠡᠭᠦᠦᠰ ᠬᠠᠯᠬ᠎ᠠ ᠬᠦᠮᠦᠰ ᠪᠢᠳᠡᠨ ᠢ ᠬᠤᠵᠠ ᠭᠡᠵᠦ ᠳᠠᠭᠤᠳᠠᠳᠠᠭ
ᠠ ᠶᠠᠭᠠᠬᠢᠬᠤᠪ ᠵᠦᠭᠡᠷ ᠳᠠᠭᠤᠳᠠᠳᠠᠭ ᠪᠢᠵᠡ ᠡ ᠯᠡ ᠭᠡᠵᠦ ᠪᠢ ᠪᠣᠳᠣᠳᠠᠭ
ᠦᠨᠡᠨ ᠳᠡᠬᠡᠨ ᠲᠡᠶᠢᠮᠦ ᠪᠢᠰᠢ ᠲᠡᠳᠡᠨ ᠦ ᠰᠠᠨᠠᠭ᠎ᠠ ᠪᠢᠳᠡᠨ ᠡᠴᠡ ᠲᠡᠷᠰᠯᠡᠭᠰᠡᠨ
ᠦᠯᠢᠭᠡᠷ ᠲᠡᠦᠬᠡ ᠪᠡᠨ ᠮᠠᠷᠲᠠᠵᠤ ᠪᠢᠳᠡᠨ ᠢ ᠰᠡᠷᠡᠰᠯᠡᠭᠰᠡᠨ
ᠡᠴᠢᠭᠡ ᠳᠡᠭᠡᠳᠦᠰ ᠪᠥᠷᠳᠡ ᠴᠢᠨᠤᠸ᠎ᠠ ᠣᠷᠤᠰᠢᠨ ᠠᠮᠢᠳᠤᠷᠠᠵᠤ ᠪᠠᠶᠢᠭ᠎ᠠ ᠭᠠᠵᠠᠷ ᠠᠽᠢᠶ᠎ᠠ ᠶᠢᠨ ᠨᠢᠷᠤᠭᠤ ᠴᠤ ᠭᠡᠰᠡᠨ
ᠲᠡᠳᠡᠡ ᠨᠠᠷ ᠪᠢᠳᠡᠨ ᠢ ᠵᠤᠪᠯᠠᠭᠠ ᠬᠡᠦᠬᠡᠳ ᠰᠢᠭ ᠰᠠᠨᠠᠵᠤ ᠥᠭᠡᠷᠡᠯᠬᠡᠨᠡ
ᠲᠦᠷᠦᠯ ᠭᠠᠷᠤᠯ ᠪᠢᠳᠡᠨ ᠢ ᠬᠤᠵᠠ ᠭᠡᠵᠦ ᠰᠢᠭᠣᠳ ᠯᠠ ᠳᠡᠭᠡᠷᠬᠡᠯᠡᠨᠡ
ᠣᠷᠣᠰ ᠬᠦᠮᠦᠨ ᠦ ᠭᠠᠷ ᠢᠶᠠᠷ ᠲᠠ ᠨᠠᠷ ᠵᠠᠰᠠᠭ ᠢᠶᠠᠨ ᠪᠠᠷᠢᠭᠤᠯᠵᠤ
ᠢᠯᠠᠭᠠᠭ᠎ᠠ ᠪᠠᠶᠢᠬᠤ ᠦᠭᠡᠢ ᠪᠢᠳᠡ ᠨᠠᠷ ᠮᠠᠭᠤ ᠰᠠᠶᠢᠨ ᠬᠢᠲᠠᠳ ᠢᠶᠠᠷ ᠪᠠᠷᠢᠭᠤᠯᠵᠤ
ᠠᠭᠤᠳᠠᠮ ᠲᠠᠯ᠎ᠠ ᠨᠤᠲᠤᠭ ᠲᠠᠭᠠᠨ ᠪᠤᠭᠤᠳᠠᠢ ᠶᠢᠨ ᠲᠠᠷᠢᠶ᠎ᠠ ᠲᠠᠷᠢᠭᠤᠯᠵᠤ
ᠤᠯᠠᠮ ᠴᠠᠰᠢ ᠨᠢ ᠪᠢᠳᠡ ᠬᠢᠮᠤᠰᠤ ᠪᠠᠨ ᠲᠠᠭᠠᠷᠢᠭᠤᠯᠵᠤ
ᠤᠴᠢᠷ ᠭᠡᠪᠡᠯ ᠡᠶᠢᠮᠦ ᠯᠡ ᠪᠠᠶᠢᠨ᠎ᠠ ᠪᠢᠳᠡ ᠨᠠᠷ ᠵᠠᠶᠠᠭ᠎ᠠ ᠨᠢᠭᠡᠲᠡᠢ ᠮᠣᠩᠭᠣᠯ
ᠠᠬᠠᠨ ᠳᠡᠭᠦᠦᠰ ᠭᠡᠳᠡᠭ ᠪᠠᠶᠢᠨ᠎ᠠ ᠦᠦ ᠪᠢᠳᠡ ᠨᠠᠷ ᠬᠠᠶᠠᠭ᠎ᠠ ᠨᠢᠭᠡᠲᠡᠢ ᠮᠣᠩᠭᠣᠯ
ᠣᠳᠣ ᠪᠢᠳᠡ ᠡᠭᠦᠨ ᠢ ᠶᠠᠷᠢᠬᠤ ᠴᠠᠭ ᠪᠢᠰᠢ ᠪᠣᠰᠴᠠᠭ᠎ᠠ
ᠣᠳᠣ ᠪᠢᠳᠡ ᠨᠠᠷ ᠰᠠᠨᠠᠭ᠎ᠠ ᠨᠢᠭᠡᠳᠦᠨ ᠪᠣᠰᠬᠣ ᠴᠠᠭ ᠢᠶᠠᠨ ᠰᠣᠨᠤᠰᠴᠠᠭᠠ
ᠪᠣᠰᠴᠠᠭ᠎ᠠ︕ ᠮᠢᠨᠤ ᠳᠠᠷᠤᠯᠠᠭᠳᠠᠭᠰᠠᠨ ᠥᠪᠥᠷ ᠮᠣᠩᠭᠣᠯ
ᠪᠣᠰᠴᠠᠭ᠎ᠠ︕ ᠮᠢᠨᠤ ᠲᠣᠣᠷᠯᠠᠭᠳᠠᠭᠰᠠᠨ ᠥᠪᠥᠷ ᠮᠣᠩᠭᠣᠯ
ᠪᠣᠰᠴᠠᠭ᠎ᠠ︕ ᠮᠢᠨᠤ ᠮᠠᠯᠯᠠᠭᠳᠠᠭᠰᠠᠨ ᠥᠪᠥᠷ ᠮᠣᠩᠭᠣᠯ
ᠮᠣᠩᠭᠣᠯ ᠶᠠᠰᠤᠲᠠᠨ ᠤ ᠤᠤᠬᠠᠢ ᠪᠢᠳᠡᠨ ᠢ ᠳᠠᠭᠤᠳᠠᠵᠤ ᠪᠠᠶᠢᠭ᠎ᠠ
ᠪᠣᠰᠴᠠᠭ᠎ᠠ ︕ᠪᠣᠰᠴᠠᠭ᠎ᠠ︕
ᠮᠢᠨᠤ ᠳᠠᠷᠤᠯᠠᠭᠳᠠᠭᠰᠠᠨ ᠥᠪᠥᠷ ᠮᠣᠩᠭᠣᠯ
ᠪᠣᠰᠴᠠᠭ᠎ᠠ︕ ᠮᠢᠨᠤ ᠲᠣᠣᠷᠯᠠᠭᠳᠠᠭᠰᠠᠨ ᠥᠪᠥᠷ ᠮᠣᠩᠭᠣᠯ
ᠪᠣᠰᠴᠠᠭ᠎ᠠ︕ ᠮᠢᠨᠤ ᠮᠠᠯᠯᠠᠭᠳᠠᠭᠰᠠᠨ ᠥᠪᠥᠷ ᠮᠣᠩᠭᠣᠯ
ᠮᠣᠩᠭᠣᠯ ᠶᠠᠰᠤᠲᠠᠨ ᠤ ᠤᠤᠬᠠᠢ ᠪᠢᠳᠡᠨ ᠢ ᠳᠠᠭᠤᠳᠠᠵᠤ ᠪᠠᠶᠢᠭ᠎ᠠ
ᠪᠣᠰᠴᠠᠭ᠎ᠠ︕
ᠨᠢᠭᠡ ᠮᠢᠩᠭ᠎ᠠ ᠶᠢᠰᠦᠨ ᠵᠠᠭᠤ ᠳᠦᠴᠢᠨ ᠳᠣᠯᠤᠭ᠎ᠠ
ᠨᠡᠶᠢᠭᠡᠮ ᠵᠢᠷᠤᠮ ᠢᠶᠠᠷ ᠥᠪᠡᠷᠲᠡᠭᠡᠨ ᠵᠠᠰᠠᠭᠰᠠᠨ᠂ ᠨᠣᠬᠠᠢ ᠳᠣᠯᠢᠶᠠ
ᠲᠡᠷᠡ ᠯᠠ ᠴᠠᠭ ᠠᠴᠠ ᠡᠨᠡ ᠯᠠ ᠬᠢᠲᠠᠳ ᠤᠳ ᠪᠢᠳᠡᠨ ᠢ ᠳᠠᠷᠤᠯᠠᠭᠰᠠᠨ ᠳᠠᠷᠤᠯᠠᠭᠰᠠᠨ
ᠡᠷᠬᠡ ᠴᠢᠯᠦᠭᠡᠨ ᠦ ᠨᠠᠷᠠᠨ ᠡᠭᠦᠯᠡᠨ ᠴᠠᠭᠠᠭᠤᠷ ᠪᠠᠯᠠᠷᠠᠭᠰᠠᠨ ᠪᠠᠯᠠᠷᠠᠭᠰᠠᠨ
ᠮᠡᠯᠡᠯᠵᠡᠭᠰᠡᠨ ᠮᠣᠩᠭᠣᠯ ᠴᠢᠰᠤ ᠮᠢᠨᠤ ᠴᠡᠭᠡᠵᠢᠨ ᠳᠣᠲᠤᠷ᠎ᠠ ᠪᠤᠴᠠᠯᠵᠤ ᠪᠠᠶᠢᠨᠠᠮ
ᠲᠠᠮᠢᠷᠳᠠᠭᠰᠠᠨ ᠮᠣᠩᠭᠣᠯ ᠮᠦᠬᠦᠬᠦ ᠭᠡᠨ᠎ᠡ ᠡ᠂ ᠡᠵᠡᠨ ᠴᠢᠩᠭᠢᠰ ᠬᠠᠮᠢᠭ᠎ᠠ ᠪᠠᠶᠢᠨᠠᠮ
ᠲᠣᠭᠰᠢᠨ ᠰᠠᠯᠬᠢ ᠰᠢᠭ᠋ ᠮᠣᠷᠢᠲᠤ ᠴᠡᠷᠢᠭ ᠦᠨ ᠲᠠᠨᠢ ᠠᠩᠬᠠᠨ ᠤ ᠡᠩᠨᠡᠭᠡᠨ ᠳᠦ ᠪᠢᠳᠡ ᠵᠢᠭᠰᠠᠶ᠎ᠠ
ᠲᠡᠦᠬᠡᠨ ᠦᠯᠡᠳᠡᠭᠰᠡᠨ ᠬᠦᠮᠦᠨ ᠴᠢᠯᠠᠭᠤ ᠰᠢᠭ᠋ ᠰᠥᠨᠢ ᠶᠢᠨ ᠬᠡᠪᠲᠡᠭᠦᠯ ᠪᠢᠳᠡ ᠵᠣᠭᠰᠤᠶᠠ
ᠪᠢᠳᠡ ᠨᠠᠷ ᠴᠢᠨᠢ ᠦᠷᠭᠡᠨ ᠣᠯᠠᠨ ᠮᠣᠩᠭᠣᠯᠴᠤᠳ ᠪᠢᠳᠡᠨ ᠦ ᠰᠠᠨᠠᠭ᠎ᠠ ᠨᠡᠶᠢᠯᠡᠨ᠎ᠡ
ᠪᠢᠳᠡ ᠨᠠᠷ ᠴᠢᠨᠢ ᠥᠰᠢᠶ᠎ᠡ ᠬᠢᠰᠣᠯ ᠢᠶᠠᠨ ᠠᠪᠤᠨ᠎ᠠ
ᠪᠢᠳᠡᠨ ᠡᠷᠬᠡ ᠴᠢᠯᠦᠭᠡᠨ ᠦ ᠰᠢᠨ᠎ᠡ ᠠᠭᠠᠷ ᠢᠶᠠᠷ ᠠᠮᠢᠰᠬᠤᠶ᠎ᠠ
ᠪᠢᠳᠡ ᠬᠦᠰᠡᠵᠦ ᠲᠤᠰᠠᠭᠠᠷ ᠲᠣᠭᠲᠠᠨᠢᠯ ᠢ ᠪᠢᠳᠡ ᠬᠦᠰᠡᠵᠦ ᠪᠠᠶᠢᠨ᠎ᠠ
ᠵᠣᠷᠢᠭᠰᠠᠨ ᠵᠦᠢᠯ ᠢᠶᠡᠨ ᠲᠡᠮᠡᠴᠡᠵᠦ ᠪᠠᠶᠢᠭᠠᠳ ᠶᠠᠮᠠᠷ ᠴᠤ ᠪᠠᠶᠢᠭᠰᠠᠨ ᠪᠢ ᠪᠤᠴᠠᠬᠤ ᠦᠭᠡᠢ
ᠵᠢᠷᠤᠭᠰᠠᠨ ᠵᠢᠷᠤᠭ ᠡᠨᠡ ᠯᠡ ᠬᠡᠮᠡᠨ ᠨᠣᠮᠤᠢ ᠰᠠᠭᠤᠶ᠎ᠠ ᠭᠡᠵᠦ ᠪᠢ ᠬᠤᠴᠠᠬᠤ ᠦᠭᠡᠢ
ᠥᠪᠡᠷᠰᠡᠳ ᠦᠨ ᠢᠶᠡᠨ ᠭᠠᠷ ᠢᠶᠠᠷ ᠪᠢᠳᠡ ᠰᠢᠨ᠎ᠡ ᠬᠢᠯᠢ ᠶᠢᠨ ᠱᠤᠭᠤᠮ ᠢᠶᠠᠨ ᠵᠢᠷᠤᠶ᠎ᠠ
ᠥᠩᠭᠡᠷᠡᠭᠰᠡᠨ ᠵᠠᠭᠤᠨ ᠤ ᠲᠡᠦᠬᠡ ᠶᠢ ᠳᠡᠭᠡᠳᠦ ᠲᠡᠭᠷᠢ ᠶᠢᠨ ᠵᠠᠷᠯᠢᠭ ᠢᠶᠠᠷ ᠤᠷᠠᠶᠠ
ᠪᠣᠰᠴᠠᠭ᠎ᠠ︕ ᠮᠢᠨᠤ ᠳᠠᠷᠤᠯᠠᠭᠳᠠᠭᠰᠠᠨ ᠥᠪᠥᠷ ᠮᠣᠩᠭᠣᠯ
ᠪᠣᠰᠴᠠᠭ᠎ᠠ︕ ᠮᠢᠨᠤ ᠲᠣᠣᠷᠯᠠᠭᠳᠠᠭᠰᠠᠨ ᠥᠪᠥᠷ ᠮᠣᠩᠭᠣᠯ
ᠪᠣᠰᠴᠠᠭ᠎ᠠ︕ ᠮᠢᠨᠤ ᠮᠠᠯᠯᠠᠭᠳᠠᠭᠰᠠᠨ ᠥᠪᠥᠷ ᠮᠣᠩᠭᠣᠯ
ᠮᠣᠩᠭᠣᠯ ᠶᠠᠰᠤᠲᠠᠨ ᠤ ᠤᠤᠬᠠᠢ ᠪᠢᠳᠡᠨ ᠢ ᠳᠠᠭᠤᠳᠠᠵᠤ ᠪᠠᠶᠢᠭ᠎ᠠ
ᠪᠣᠰᠴᠠᠭ᠎ᠠ ︕ᠪᠣᠰᠴᠠᠭ᠎ᠠ︕
ᠮᠢᠨᠤ ᠳᠠᠷᠤᠯᠠᠭᠳᠠᠭᠰᠠᠨ ᠥᠪᠥᠷ ᠮᠣᠩᠭᠣᠯ
ᠪᠣᠰᠴᠠᠭ᠎ᠠ︕ ᠮᠢᠨᠤ ᠲᠣᠣᠷᠯᠠᠭᠳᠠᠭᠰᠠᠨ ᠥᠪᠥᠷ ᠮᠣᠩᠭᠣᠯ
ᠪᠣᠰᠴᠠᠭ᠎ᠠ︕ ᠮᠢᠨᠤ ᠮᠠᠯᠯᠠᠭᠳᠠᠭᠰᠠᠨ ᠥᠪᠥᠷ ᠮᠣᠩᠭᠣᠯ
ᠮᠣᠩᠭᠣᠯ ᠶᠠᠰᠤᠲᠠᠨ ᠤ ᠤᠤᠬᠠᠢ ᠪᠢᠳᠡᠨ ᠢ ᠳᠠᠭᠤᠳᠠᠵᠤ ᠪᠠᠶᠢᠭ᠎ᠠ
ᠪᠣᠰᠴᠠᠭ᠎ᠠ︕