ᠦᠨᠳᠦᠰᠦᠲᠡᠨ ᠦ ᠰᠣᠶᠣᠯ ᠢᠶᠠᠨ ᠦᠪᠯᠡᠨ ᠤᠯᠠᠮᠵᠢᠯᠠᠬᠤ ᠶᠢ ᠰᠠᠨᠠᠭᠠᠴᠢᠯᠠᠳᠠᠭ ᠥᠪᠥᠷ ᠮᠣᠩᠭᠣᠯ ᠰᠣᠳᠤᠯᠤᠭᠠᠴᠢ ᠶᠢᠨ ᠭᠡᠷ ᠦᠨ ᠡᠭᠦᠳᠡᠨ ᠳᠦ ᠰᠡᠵᠢᠭᠲᠦ ᠡᠲᠡᠭᠡᠳ ᠢᠷᠡᠭᠰᠡᠨ ᠨᠢ ᠬᠢᠲᠠᠳ  ᠦᠨ ᠵᠠᠰᠠᠭ ᠲᠠᠢ ᠬᠣᠯᠪᠣᠭ᠎ᠠ ᠦᠭᠡᠢ ᠶᠤᠮ ᠪᠣᠯ ᠭᠡᠵᠡᠢ ᠦᠦ︖

〔ᠨᠠᠶᠢᠷᠠᠭᠤᠯᠤᠭᠴᠢ ᠶᠢᠨ ᠦᠭᠡ᠄ ᠬᠢᠯᠢ ᠶᠢᠨ ᠭᠠᠳᠠᠨ᠎ᠠ ᠬᠢᠲᠠᠳ ᠤᠨ ᠦᠨᠳᠦᠰᠦᠲᠡᠨ ᠦ ᠳᠠᠷᠤᠯᠠᠯ ᠢ ᠢᠯᠡᠴᠢᠯᠡᠬᠦ᠂ ᠲᠡᠷᠡ ᠳᠤᠮᠳᠠ ᠪᠠᠨ ᠬᠢᠲᠠᠳ ᠤᠨ ᠪᠣᠰᠣᠳ ᠦᠨᠳᠦᠰᠦᠲᠡᠨ ᠢ ᠤᠰᠠᠳᠬᠠᠨ ᠬᠠᠶᠢᠯᠠᠭᠤᠯᠬᠤ ᠪᠣᠳᠣᠯᠭ᠎ᠠ ᠶᠢ ᠢᠯᠡ ᠪᠡᠷ ᠡᠰᠡᠷᠭᠦᠴᠡᠨ ᠲᠡᠮᠡᠴᠡᠭᠰᠡᠳ ᠦᠨ ᠨᠤᠲᠤᠭ ᠲᠠᠬᠢ ᠭᠡᠷ ᠪᠦᠯᠢ᠂ ᠲᠥᠷᠥᠯ ᠲᠥᠷᠥᠭᠰᠡᠳ ᠲᠦ  ᠨᠢ ᠬᠢᠲᠠᠳ ᠤᠨ ᠵᠠᠰᠠᠭ ᠠᠴᠠ ᠶᠠᠩᠵᠤ ᠪᠦᠷᠢ ᠶᠢᠨ ᠳᠠᠷᠤᠮᠲᠠ ᠰᠢᠬᠠᠯᠲᠠ ᠦᠵᠡᠭᠦᠯᠳᠡᠭ᠃ ᠪᠠᠷᠢᠪᠴᠢᠯᠠᠬᠤ᠂ ᠰᠠᠭᠠᠲᠠᠭᠤᠯᠬᠤ᠂ ᠨᠠᠰᠤ ᠪᠠᠷᠠᠬᠤ᠂ ᠰᠤᠷᠠᠭ ᠦᠭᠡᠢ ᠠᠯᠠᠭ᠎ᠠ ᠪᠣᠯᠭᠠᠬᠤ ᠠᠴᠠ ᠡᠬᠢᠯᠡᠭᠡᠳ ᠠᠵᠢᠯ᠂ ᠰᠤᠷᠤᠯᠭ᠎ᠠ ᠳᠦ ᠨᠢ ᠬᠦᠷᠲᠡᠯ᠎ᠡ ᠬᠠᠷᠰᠢ ᠰᠠᠭᠠᠳ ᠤᠴᠠᠷᠠᠭᠤᠯᠳᠠᠭ ᠨᠢ ᠮᠡᠳᠡᠭᠡᠵᠢ ᠶᠢᠨ ᠬᠡᠷᠡᠭ᠃  ᠲᠡᠶᠢᠮᠦ ᠡᠴᠡ ᠭᠡᠷ ᠪᠦᠯᠢ ᠶᠢᠨ ᠬᠢᠨ ᠲᠡᠢ ᠪᠡᠨ ᠬᠣᠯᠪᠣᠭᠳᠠᠵᠤ ᠴᠢᠳᠠᠬᠤ ᠦᠭᠡᠢ ᠪᠠᠶᠢᠭ᠎ᠠ ᠬᠦᠮᠦᠰ᠃ ᠶᠡᠷᠦ ᠡᠴᠡ ᠬᠣᠯᠪᠤᠭ᠎ᠠ ᠠᠪᠳᠠᠭ ᠦᠭᠡᠢ ᠬᠦᠮᠦᠰ ᠭᠡᠳ ᠯᠡ ᠶᠠᠩᠵᠤ ᠪᠦᠷᠢ ᠶᠢᠨ ᠬᠦᠮᠦᠰ ᠪᠣᠢ᠃  ᠬᠣᠯᠪᠤᠭᠳᠠᠬᠤ  ᠬᠡᠳᠦᠢ ᠴᠤ ᠣᠯᠠᠨ ᠲᠠᠪᠤᠨ ᠵᠦᠢᠯ ᠶᠠᠷᠢᠵᠤ  ᠵᠣᠭᠤᠭᠳᠠᠬᠤ  ᠠᠴᠠ ᠪᠠᠨ  ᠬᠢᠴᠢᠶᠡᠳᠡᠭ ᠭᠡᠬᠦ ᠮᠡᠲᠦᠴᠢᠯᠡᠨ ᠠᠯᠢ ᠶᠢ ᠨᠢ ᠲᠡᠷᠡ ᠭᠡᠬᠦ ᠪᠢᠯᠡ᠃  ᠡᠭᠦᠪᠡᠷ  ᠦᠯᠦ ᠪᠠᠷᠠᠨ᠂  ᠮᠣᠩᠭᠣᠯᠴᠤᠳ ᠤᠨ ᠬᠣᠭᠣᠷᠤᠨᠳᠤ ᠨᠢ ᠶᠠᠰᠤ ᠬᠠᠶᠠᠨ  ᠬᠡᠷᠡᠭᠦᠯ ᠮᠠᠷᠭᠤᠭᠠᠨ ᠳᠡᠭᠳᠡᠭᠡᠬᠦ᠂  ᠬᠣᠭᠣᠷᠤᠨᠳᠤ ᠨᠢ ᠬᠠᠷᠢᠯᠴᠠᠨ ᠰᠡᠵᠢᠭᠯᠡᠭᠦᠯᠬᠦ ᠭᠡᠬᠦ ᠮᠡᠲᠦᠴᠢᠯᠡᠨ᠂᠂᠂ ᠬᠢᠲᠠᠳ ᠤᠨ ᠮᠣᠩᠭᠣᠯᠴᠤᠳ ᠢ ᠬᠣᠭᠤᠷᠤᠨᠳᠤ ᠨᠢ ᠬᠠᠭᠠᠷᠠᠯᠳᠤᠭᠤᠯᠤᠨ ᠪᠤᠲᠠᠷᠠᠭᠠᠬᠤ ᠠᠷᠭ᠎ᠠ ᠭᠡᠵᠦ ᠪᠦᠷ ᠲᠣᠭᠠᠯᠠᠭᠠᠳ ᠪᠠᠷᠠᠬᠤ ᠦᠭᠡᠢ᠃ ᠦᠨᠡᠨᠳᠡᠭᠡᠨ ᠡᠳᠡᠭᠡᠷ ᠨᠢ ᠪᠦᠷ ᠯᠡ ᠬᠢᠲᠠᠳ ᠤᠨ ᠺᠣᠮᠮᠤᠶᠨᠢᠰᠲ ᠨᠠᠮ ᠤᠨ ᠡᠷᠲᠡᠨ ᠡᠴᠡ ᠬᠡᠷᠡᠭᠯᠡᠵᠦ ᠢᠷᠡᠭᠰᠡᠨ ᠪᠠᠰᠢᠷ ᠠᠷᠭ᠎ᠠ  ᠨᠤᠭᠤᠳ ᠪᠣᠯᠬᠤ ᠶᠤᠮ᠃ ᠡᠭᠦᠨ ᠦ ᠵᠡᠷᠭᠡᠴᠡᠭᠡ ᠶᠠᠫᠣᠨ ᠳᠤ ᠢᠷᠡᠵᠦ  ᠲᠡᠮᠡᠴᠡᠭᠴᠢ ᠨᠠᠷ ᠪᠣᠯᠤᠨ ᠲᠡᠳᠡᠨ ᠦ ᠠᠷᠤ ᠭᠡᠷ ᠦᠨ ᠬᠢᠨ ᠳᠦ ᠳᠠᠷᠤᠮᠲᠠ ᠰᠢᠬᠠᠯᠲᠠ ᠦᠵᠡᠭᠦᠯᠳᠡᠭ ᠬᠢᠲᠠᠳ ᠤᠨ ᠠᠯᠪᠠᠨ ᠤ ᠬᠦᠮᠦᠰ ᠪᠠᠰᠠ ᠪᠤᠢ᠃ ᠶᠠᠫᠣᠨ ᠪᠣᠯ ᠠᠷᠠᠳᠴᠢᠯᠠᠭᠰᠠᠨ ᠤᠯᠤᠰ ᠪᠦᠭᠡᠳ ᠦᠭᠡ ᠬᠡᠯᠡᠬᠦ᠂ ᠴᠤᠭᠯᠠᠭᠠᠨ ᠬᠢᠬᠦ ᠡᠷᠬᠡ ᠴᠢᠯᠦᠭᠡ ᠲᠡᠢ ᠪᠠᠶᠢᠳᠠᠭ᠃ 9  ᠳᠦᠭᠡᠷ ᠰᠠᠷ᠎ᠠ ᠶᠢᠨ 12  ᠳᠦ ᠂ ᠡᠮᠦᠨᠡᠲᠦ ᠮᠣᠩᠭᠣᠯ ᠤᠨ ᠶᠡᠬᠡ ᠬᠤᠷᠠᠯᠳᠠᠢ ᠶᠢᠨ ᠶᠡᠷᠦᠩᠬᠡᠢ ᠨᠠᠷᠢᠨ ᠪᠢᠴᠢᠭ ᠦᠨ ᠳᠠᠷᠤᠭ᠎ᠠ ᠺᠣᠪᠸ ᠶᠡᠬᠡ ᠰᠤᠷᠭᠠᠭᠤᠯᠢ ᠶᠢᠨ ᠰᠣᠳᠤᠯᠤᠭᠠᠴᠢ᠂ ᠳ᠋ᠣᠺᠲ᠋ᠣᠷ ᠭᠣᠪᠣᠷᠣᠳ ᠠᠷᠴᠠ ᠳᠤ ᠵᠠᠨᠤᠯᠬᠢᠯᠡᠭᠰᠡᠨ ᠬᠡᠷᠡᠭ ᠨᠢ ᠡᠭᠦᠨ ᠦ ᠨᠢᠭᠡᠨ ᠪᠤᠳᠠᠲᠠᠢ ᠵᠢᠱᠢᠶ᠎ᠡ ᠶᠤᠮ᠃  ᠶᠠᠫᠣᠨ  ᠤ ᠰᠠᠨᠺᠸ ᠰᠣᠨᠢᠨ ᠨᠢ ᠡᠨᠡ ᠶᠠᠪᠤᠳᠠᠯ ᠤᠨ ᠲᠠᠯ᠎ᠠ ᠪᠠᠷ ᠳ᠋ᠣᠺᠲ᠋ᠣᠷ ᠠᠷᠴᠠ ᠠᠴᠠ ᠶᠠᠷᠢᠯᠴᠠᠯᠭ᠎ᠠ ᠠᠪᠴᠠᠢ᠃ ᠪᠦᠷᠢᠨ ᠡᠬᠡ ᠪᠡᠷ ᠨᠢ ᠣᠷᠴᠢᠭᠣᠯᠣᠨ ᠨᠡᠶᠢᠲᠡᠯᠡᠪᠡ᠂ ᠨᠡᠶᠢᠲᠡᠯᠡᠯ ᠢ ᠨᠢᠭᠡ ᠤᠳᠠᠭ᠎ᠠ ᠤᠩᠰᠢᠨ᠎ᠠ ᠤᠤ〕

ᠬᠠᠭᠠᠯᠲᠠ ᠶᠢᠨ ᠦᠭᠡ ᠬᠡᠯᠡᠵᠦ ᠪᠠᠶᠢᠭ᠎ᠠ ᠡᠮᠦᠨᠡᠲᠦ ᠮᠣᠩᠭᠣᠯ ᠶᠡᠬᠡ ᠬᠤᠷᠠᠯᠳᠠᠢ ᠶᠢᠨ ᠶᠡᠷᠦᠩᠬᠡᠢ ᠨᠠᠷᠢᠨ ᠪᠢᠴᠢᠭ ᠳᠠᠷᠤᠭ᠎ᠠ ᠳ᠋ᠣᠺᠲ᠋ᠣᠷ ᠭᠣᠪᠤᠷᠤᠳ ᠠᠷᠴᠠ

ᠦᠨᠳᠦᠰᠦᠲᠡᠨ ᠦ ᠰᠣᠶᠣᠯ ᠢᠶᠠᠨ ᠦᠪᠯᠡᠨ ᠤᠯᠠᠮᠵᠢᠯᠠᠬᠤ ᠶᠢ ᠰᠠᠨᠠᠭᠠᠴᠢᠯᠠᠳᠠᠭ ᠥᠪᠥᠷ ᠮᠣᠩᠭᠣᠯ ᠰᠣᠳᠤᠯᠤᠭᠠᠴᠢ ᠶᠢᠨ ᠭᠡᠷ ᠦᠨ ᠡᠭᠦᠳᠡᠨ ᠳᠤ ᠰᠡᠵᠢᠭᠲᠦ ᠡᠲᠡᠭᠡᠳ ᠢᠷᠡᠭᠰᠡᠨ ᠨᠢ

ᠬᠢᠲᠠᠳ ᠤᠨ ᠵᠠᠰᠠᠭ ᠲᠠᠢ ᠬᠣᠯᠪᠣᠭ᠎ᠠ ᠦᠭᠡᠢ ᠶᠤᠮ ᠪᠣᠯ ᠭᠡᠵᠡᠢ ᠦᠦ

 2020 ᠣᠨ ᠠᠴᠠ ᠡᠬᠢᠯᠡᠨ᠂ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ  ᠳᠦ ᠬᠢᠲᠠᠳ ᠬᠡᠯᠡᠨ ᠦ ᠪᠣᠯᠪᠠᠰᠤᠷᠠᠯ ᠢ ᠴᠢᠩᠭᠠᠳᠬᠠᠨ᠂ ᠡᠬᠡ ᠬᠡᠯᠡ ᠪᠣᠯᠬᠤ ᠮᠣᠩᠭᠣᠯ ᠬᠡᠯᠡ ᠶᠢ ᠨᠢ ᠬᠠᠰᠤᠵᠤ ᠪᠠᠭᠠᠰᠬᠠᠭᠰᠠᠨ ᠪᠠᠶᠢᠨ᠎ᠠ᠃  ᠦᠨᠳᠦᠰᠦᠲᠡᠨ ᠤ ᠰᠤᠶᠤᠯ ᠢᠶᠠᠨ  ᠠᠯᠳᠠᠬᠤ ᠪᠣᠢ  ᠬᠡᠮᠡᠬᠦ ᠬᠢᠮᠤᠷᠠᠯ ᠶᠢᠨ ᠰᠡᠳᠭᠢᠯ  ᠲᠡᠢ ᠶᠠᠫᠣᠨ ᠳᠤ ᠠᠮᠢᠳᠤᠷᠠᠵᠤ ᠪᠤᠢ ᠮᠣᠩᠭᠣᠯᠴᠤᠳ ᠡᠷᠳᠡᠮ ᠰᠢᠨᠵᠢᠯᠡᠭᠡᠨ ᠦ ᠪᠣᠯᠤᠨ ᠪᠤᠰᠤᠳ ᠦᠢᠯᠡ ᠠᠵᠢᠯᠯᠠᠭ᠎ᠠ ᠪᠠᠷ ᠥᠪ ᠵᠠᠯᠭᠠᠮᠵᠢᠯᠠᠯ  ᠤᠨ ᠴᠢᠬᠤᠯᠠ ᠴᠢᠨᠠᠷ ᠢ ᠤᠬᠠᠭᠤᠯᠤᠨ ᠰᠤᠷᠲᠠᠯᠴᠢᠯᠠᠵᠤ᠂ ᠤᠷᠢᠶᠠᠯᠠᠨ ᠱᠠᠭᠠᠷᠳᠠᠵᠤ ᠪᠠᠶᠢᠭ᠎ᠠ ᠪᠣᠯ᠂ ᠡᠭᠦᠨ ᠡᠴᠡ ᠪᠣᠯᠵᠤ ᠥᠪᠡᠷᠲᠡᠭᠡᠨ ᠵᠠᠰᠠᠬᠤ ᠣᠷᠣᠨ ᠳᠤ ᠦᠯᠡᠳᠡᠭᠰᠡᠨ ᠭᠡᠷ ᠪᠦᠯᠢ  ᠶᠢᠨ ᠬᠢᠨ ᠬᠢᠲᠠᠳ ᠤᠨ ᠡᠷᠬᠡ ᠪᠠᠷᠢᠭᠴᠢᠳ ᠤᠨ ᠬᠠᠷᠠᠭ᠎ᠠ ᠬᠢᠨᠠᠯᠲᠠ ᠳᠤ ᠪᠠᠶᠢᠭ᠎ᠠ ᠶᠤᠮ᠃ ᠶᠠᠫᠣᠨ ᠳᠤ ᠠᠮᠢᠳᠤᠷᠠᠳᠠᠭ ᠮᠣᠩᠭᠣᠯᠴᠤᠳ ᠴᠤ ᠭᠡᠰᠡᠨ ᠢᠯᠡᠨ ᠳᠠᠯᠠᠨ ᠦᠭᠡᠢ ᠳᠠᠷᠠᠯᠲᠠ ᠳᠠᠷᠤᠮᠲᠠ ᠶᠢᠨ ᠳᠤᠮᠳᠠ ᠠᠮᠢᠳᠤᠷᠠᠵᠤ ᠪᠠᠶᠢᠨ᠎ᠠ᠃ ᠶᠠᠫᠣᠨ ᠳᠤ ᠣᠷᠣᠰᠢᠨ ᠰᠠᠭᠤᠳᠠᠭ ᠨᠢᠭᠡᠨ ᠮᠣᠩᠭᠣᠯ ᠬᠦᠮᠦᠨ ᠶᠠᠫᠣᠨ ᠳᠤ《ᠠᠶᠤᠯᠭᠠᠨ ᠰᠦᠷᠳᠡᠭᠦᠯᠦᠭᠰᠡᠨ》᠂ ᠲᠡᠷᠡ ᠳᠤᠮᠳᠠ ᠪᠠᠨ ᠬᠢᠲᠠᠳ ᠤᠨ ᠡᠷᠬᠡ ᠪᠠᠷᠢᠭᠴᠢᠳ ᠲᠠᠢ ᠬᠣᠯᠪᠣᠭ᠎ᠠ ᠲᠠᠢ ᠰᠡᠵᠢᠭ ᠲᠡᠢ ᠬᠦᠮᠦᠨ ᠭᠡᠷ ᠲᠦ ᠨᠢ ᠢᠷᠡᠭᠰᠡᠨ ᠭᠡᠵᠦ ᠮᠡᠳᠡᠭᠳᠡᠵᠡᠢ᠃

ᠮᠣᠩᠭᠣᠯ ᠠᠴᠠ  ᠪᠠᠨ《 ᠪᠸᠡᠶᠢᠵᠢᠶᠠᠩ》( ᠤᠮᠠᠷᠠᠲᠤ ᠬᠢᠵᠠᠭᠠᠷ) ᠬᠡᠮᠡᠨ ᠬᠡᠯᠡᠬᠦ ᠪᠣᠯᠣᠭᠰᠠᠨ ᠨᠢ

ᠢᠯᠡᠳᠭᠡᠯ ᠬᠢᠵᠦ ᠪᠤᠢ ᠳ᠋ᠣᠺᠲ᠋ᠣᠷ ᠠᠷᠴᠠ

《ᠥᠩᠭᠡᠷᠡᠭᠰᠡᠨ ᠵᠢᠯ ᠡᠴᠡ ᠡᠬᠢᠯᠡᠨ ᠪᠦᠬᠦ ᠬᠢᠴᠢᠶᠡᠯ ᠢ ᠬᠢᠲᠠᠳ ᠬᠡᠯᠡ ᠤᠷᠤᠭᠤ ᠰᠢᠯᠵᠢᠭᠦᠯᠦᠭᠰᠡᠨ᠃ ᠰᠤᠷᠤᠭᠴᠢᠳ  ᠲᠤ ᠬᠢᠲᠠᠳ ᠬᠦᠮᠦᠨ ᠦ ​​ᠬᠤᠪᠴᠠᠰᠤ ᠡᠮᠦᠰᠬᠡᠬᠦ ᠭᠡᠬᠦ ᠮᠡᠲᠦ  ᠬᠡᠦᠬᠡᠳ ᠦᠳ ᠲᠦ ᠬᠢᠲᠠᠳ ᠤᠨ ᠬᠠᠮᠲᠤ ᠤᠬᠠᠮᠰᠠᠷ ᠭᠡᠳᠡᠭ ᠢᠶᠡᠷ ᠲᠠᠷᠢᠬᠢ ᠤᠭᠢᠶᠠᠬᠤ ᠠᠵᠢᠯᠯᠠᠭ᠎ᠠ ᠪᠠᠨ ᠡᠷᠴᠢᠮᠵᠢᠭᠦᠯᠵᠦ ᠪᠠᠶᠢᠨ᠎ᠠ᠃ 》

14 ᠦ ᠡᠳᠦᠷ ᠲᠣᠣᠺᠢᠣ᠋ ᠬᠣᠲᠠ ᠶᠢᠨ ᠨᠠᠺᠠᠨᠣ᠋ ᠲᠣᠭᠣᠷᠢᠭ ᠤᠨ ᠬᠤᠷᠠᠯ ᠤᠨ ᠲᠠᠩᠬᠢᠮ ᠳᠤ ᠪᠣᠯᠤᠭᠰᠠᠨ ᠮᠣᠩᠭᠣᠯ ᠳᠠᠬᠢ ᠬᠦᠮᠦᠨ ᠦ ​​ᠡᠷᠬᠡ᠂ ᠰᠤᠶᠤᠯ ᠤᠨ ᠠᠰᠠᠭᠤᠳᠠᠯ ᠢᠶᠠᠷ ᠠᠭᠤᠯᠵᠠᠯᠲᠠ ᠪᠣᠯᠵᠤ ᠂ ᠺᠣᠪᠸ ᠶᠡᠬᠡ ᠰᠤᠷᠭᠠᠭᠤᠯᠢ ᠶᠢᠨ ᠣᠷᠣᠨ ᠲᠣᠭᠠᠨ ᠤ ᠪᠤᠰᠤ ᠪᠠᠭᠰᠢ ᠭᠣᠪᠣᠷᠣᠳ ᠠᠷᠴᠠ (43) ᠮᠣᠩᠭᠣᠯ ᠤᠨ ᠰᠤᠶᠤᠯ ᠤᠨ ᠨᠥᠬᠥᠴᠡᠯ ᠪᠠᠶᠢᠳᠠᠯ ᠤᠨ ᠲᠠᠯ᠎ᠠ ᠪᠠᠷ ᠶᠠᠷᠢᠵᠠᠢ᠃ ᠮᠣᠩᠭᠣᠯ ᠰᠣᠶᠣᠯ ᠨᠢ ᠥᠪᠡᠷᠲᠡᠭᠡᠨ ᠵᠠᠰᠠᠬᠤ ᠣᠷᠣᠨ ᠤ ᠪᠣᠯᠪᠠᠰᠤᠷᠠᠯ ᠤᠨ ᠣᠷᠴᠢᠨ ᠠᠴᠠ ᠠᠯᠠᠭ᠎ᠠ ᠪᠣᠯᠤᠭᠰᠠᠨ ᠭᠡᠵᠦ ᠲᠡᠷᠡ ᠪᠡᠷ ᠲᠠᠶᠢᠯᠪᠤᠷᠢᠯᠠᠪᠠ᠃ ᠥᠪᠡᠷᠲᠡᠭᠡᠨ ᠵᠠᠰᠠᠬᠤ ᠣᠷᠣᠨ ᠤ ᠪᠦᠬᠦ ᠰᠤᠷᠭᠠᠭᠤᠯᠢ ᠳᠤ 2023 ᠣᠨ ᠤ ᠶᠢᠰᠦᠳᠦᠭᠡᠷ ᠰᠠᠷ᠎ᠠ ᠠᠴᠠ ᠮᠣᠩᠭᠣᠯ ᠬᠡᠯᠡ ᠪᠡᠷ ᠬᠢᠴᠢᠶᠡᠯᠯᠡᠬᠦ ᠭᠡᠳᠡᠭ  ᠢ ᠲᠠᠲᠠᠨ ᠪᠠᠭᠤᠯᠭᠠᠭᠰᠠᠨ ᠭᠡᠬᠦ᠃

 ᠠᠷᠴᠠ ᠨᠢ ᠺᠣᠪᠸ ᠶᠡᠬᠡ ᠰᠤᠷᠭᠠᠭᠤᠯᠢ ᠶᠢᠨ ᠣᠯᠠᠨ ᠤᠯᠤᠰ ᠤᠨ ᠰᠤᠶᠤᠯ ᠰᠤᠳᠤᠯᠤᠯ ᠤᠨ ᠬᠦᠷᠢᠶᠡᠯᠡᠩ ᠦᠨ ᠰᠤᠳᠤᠯᠤᠭᠠᠴᠢ ᠪᠥᠭᠡᠳ 2005 ᠣᠨ ᠳᠤ ᠶᠠᠫᠣᠨ ᠳᠤ ᠢᠷᠡᠵᠦ᠂ ᠡᠳᠦᠭᠡ ᠤᠯᠤᠰ ᠲᠥᠷᠥ ᠶᠢᠨ ᠳᠦᠷᠪᠡᠭᠴᠢ ᠪᠡᠷ ᠠᠮᠢᠳᠤᠷᠠᠵᠤ ᠪᠠᠶᠢᠨ᠎ᠠ᠃ ᠥᠪᠡᠷᠲᠡᠭᠡᠨ ᠵᠠᠰᠠᠬᠤ ᠣᠷᠣᠨ ᠤ ᠥᠨᠥ ᠶᠢᠨ ᠪᠠᠶᠢᠳᠠᠯ ᠤᠨ ᠲᠤᠬᠠᠢ ᠳᠤ 《 ᠪᠸᠡᠶᠢᠵᠢᠶᠠᠩ》 ᠭᠡᠳᠡᠭ ᠦᠭᠡ ᠶᠢ ᠠᠰᠢᠭᠯᠠᠬᠤ ᠰᠢᠨ᠎ᠡ ᠣᠷᠣᠯᠳᠤᠯᠭ᠎ᠠ (ᠬᠢᠲᠠᠳ ᠤᠨ ᠡᠷᠬᠡ ᠪᠠᠷᠢᠭᠴᠢᠳ) ᠡᠬᠢᠯᠡᠭᠰᠡᠨ᠃ ᠮᠣᠷᠢᠨ ᠬᠤᠭᠤᠷ ᠵᠡᠷᠭᠡ ᠵᠦᠢᠯᠡᠰ ᠢ ᠮᠣᠩᠭᠣᠯ ᠤᠨ ᠰᠣᠶᠣᠯ ᠭᠡᠳᠡᠭ ᠡᠴᠡ ᠣᠳᠣ 《 ᠪᠸᠡᠶᠢᠵᠢᠶᠠᠩ》ᠰᠤᠶᠤᠯ ᠤᠨ ᠦᠨᠡᠲᠦ ᠵᠦᠢᠯ ᠭᠡᠵᠦ ᠶᠠᠷᠢᠳᠠᠭ  ᠪᠣᠯᠣᠭᠰᠠᠨ ᠭᠡᠵᠦ ᠰᠠᠨᠠᠭ᠎ᠠ ᠵᠣᠪᠠᠵᠤ ᠪᠠᠶᠢᠭ᠎ᠠ ᠪᠠᠨ ᠢᠯᠡᠷᠬᠡᠶᠢᠯᠡᠪᠡ᠃

<< ᠵᠢᠶᠠᠩ>>ᠭᠡᠳᠡᠭ ᠦᠭᠡ ᠨᠢ  ᠬᠢᠲᠠᠳ ᠬᠡᠯᠡᠨ ᠦ ᠬᠢᠯᠢ ᠬᠢᠵᠠᠭᠠᠷ  ᠪᠣᠶᠣ ᠲᠡᠭᠦᠨ ᠦ ᠡᠷᠭᠢᠨ ᠲᠤᠭᠤᠷᠢᠨ ᠤ ᠭᠠᠵᠠᠷ ᠨᠤᠲᠤᠭ ᠭᠡᠰᠡᠨ ᠤᠳᠬ᠎ᠠ ᠶᠢ ᠢᠯᠡᠷᠬᠡᠶᠢᠯᠡᠳᠡᠭ ᠪᠥᠭᠡᠳ ᠬᠢᠲᠠᠳ ᠦᠰᠦᠭ ᠢ ᠠᠰᠢᠭᠯᠠᠳᠠᠭ ᠬᠢᠲᠠᠳ ᠤᠳ  ᠤᠨ ᠥᠭᠭᠦᠭᠰᠡᠨ ᠨᠡᠷ᠎ᠡ ᠪᠣᠯᠬᠤ ᠨᠢ ᠲᠣᠳᠣᠷᠬᠠᠢ ᠃ ᠦᠨᠡᠨᠳᠡᠭᠡᠨ ᠮᠣᠩᠭᠣᠯ ᠦᠨᠳᠦᠰᠦᠲᠡᠨ ᠡᠨᠡ ᠨᠤᠲᠤᠭ ᠲᠤ ᠣᠯᠠᠨ ᠮᠢᠩᠭᠠᠨ ᠵᠢᠯ ᠦᠨ ᠲᠤᠷᠰᠢ ᠨᠡᠭᠦᠳᠡᠯᠯᠡᠨ ᠠᠮᠢᠳᠤᠷᠠᠭᠰᠠᠭᠠᠷ ᠢᠷᠡᠭᠰᠡᠨ ᠲᠡᠦᠬᠡ ᠲᠡᠢ᠃

ᠡᠨᠡᠬᠦ ᠠᠭᠤᠯᠵᠠᠯᠲᠠ ᠨᠢ ᠥᠩᠭᠡᠷᠡᠭᠰᠡᠨ ᠣᠨ ᠤ ᠳᠣᠯᠣᠳᠤᠭᠠᠷ ᠰᠠᠷ᠎ᠠ ᠳᠤ ᠂ ᠲᠣᠣᠺᠢᠣ᠋ ᠶᠡᠬᠡ ᠰᠤᠷᠭᠠᠭᠤᠯᠢ ᠳᠤ ᠪᠣᠯᠤᠭᠰᠠᠨ ᠣᠯᠠᠨ ᠤᠯᠤᠰ ᠤᠨ ᠡᠷᠳᠡᠮ ᠰᠢᠨᠵᠢᠯᠡᠭᠡᠨ ᠬᠤᠷᠠᠯ (《 1913 ᠣᠨ ᠳᠤ  ᠮᠣᠩᠭᠣᠯ ᠲᠥᠪᠡᠳ ᠤᠨ ᠬᠠᠷᠢᠯᠴᠠᠨ ᠬᠦᠯᠢᠶᠡᠨ ᠵᠥᠪᠰᠢᠶᠡᠷᠡᠭᠰᠡᠨ ᠲᠤᠬᠠᠢ ᠭᠡᠷ᠎ᠡ》  ᠳᠦ ᠭᠠᠷ ᠤᠨ ᠦᠰᠦᠭ ᠵᠢᠷᠤᠭᠰᠠᠨ110 ᠵᠢᠯ ᠦᠨ ᠣᠢ ᠶᠢ ᠳᠤᠷᠠᠰᠬᠠᠬᠤ) ᠤᠨ ᠦᠭᠦᠯᠡᠯ ᠦᠨ ᠲᠡᠭᠦᠪᠦᠷᠢ ᠦᠨ ᠬᠡᠪᠯᠡᠭᠳᠡᠭᠰᠡᠨ  ᠤ ᠳᠤᠷᠠᠰᠬᠠᠯ ᠠᠷᠭ᠎ᠠ ᠬᠡᠮᠵᠢᠶ᠎ᠡ ᠲᠡᠢ ᠳᠠᠪᠬᠤᠴᠠᠭᠰᠠᠨ ᠮᠣᠩᠭᠣᠯ ᠲᠡᠦᠬᠡ ᠰᠣᠳᠣᠯᠣᠭᠠᠴᠢ ᠳ᠋ᠣᠺᠲ᠋ᠣᠷ ᠵᠢᠶᠦᠨᠺᠤ ᠮᠢᠶᠠᠸᠠᠺᠢ ᠨᠠᠷ ᠴᠤ ᠢᠯᠡᠳᠭᠡᠯ ᠬᠢᠭᠰᠡᠨ ᠪᠢᠯᠡ ᠃

 ᠲᠠᠨᠢᠬᠤ ᠦᠭᠡᠢ ᠬᠢᠲᠠᠳ ᠄ 《ᠮᠢᠨᠦ  ᠠᠬ᠎ᠠ ᠶᠢᠨ ᠪᠡᠯᠡᠭ》

ᠬᠢᠲᠠᠳ ᠤᠨ ᠠᠶᠤᠯ ᠦᠭᠡᠢ ᠪᠠᠶᠢᠳᠠᠯ ᠤᠨ ᠠᠯᠪᠠᠨ ᠤ ᠬᠢᠨ ᠠᠦ᠋ᠲ᠋ᠣᠨᠣᠮᠢᠲᠤ ᠪᠥᠰᠡ ᠨᠤᠲᠤᠭ ᠤᠳ ᠲᠤ  ᠮᠣᠩᠭᠣᠯ ᠦᠨᠳᠦᠰᠦᠲᠡᠨ ᠤ ᠰᠤᠶᠤᠯ ᠢ ᠲᠦᠭᠡᠭᠡᠨ ᠳᠡᠯᠭᠡᠷᠡᠭᠦᠯᠬᠦ ᠶᠢ ᠰᠠᠨᠠᠭᠠᠴᠢᠯᠠᠭᠴᠢ ᠠᠷᠴᠠ ᠪᠣᠯᠤᠨ ᠪᠣᠰᠤᠳ ᠮᠣᠩᠭᠣᠯᠴᠤᠳ  ᠤᠨ ᠨᠤᠲᠤᠭ ᠲᠠᠭᠠᠨ ᠪᠠᠶᠢᠬᠤ ᠲᠦᠷᠦᠯ ᠲᠦᠷᠦᠭᠰᠡᠳ ᠦᠨ ᠳᠤ ᠣᠴᠢᠨ᠂  ᠦᠷ᠎ᠡ ᠬᠡᠦᠬᠡᠳ᠂ ᠠᠬ᠎ᠠ ᠳᠡᠭᠦᠦᠨᠠᠷ ᠢᠶᠠᠨ ᠶᠠᠫᠣᠨ ᠳᠤ ᠵᠢᠭᠰᠠᠭᠠᠯ ᠳᠤ ᠣᠷᠣᠯᠴᠠᠬᠤ ᠦᠭᠡᠢ ᠪᠠᠶᠢᠬᠤ ᠶᠢ ᠢᠳᠬᠠᠵᠤ᠂ ᠰᠦᠷᠳᠡᠭᠦᠯᠬᠦ ᠶᠢ ᠣᠷᠣᠯᠳᠤᠭᠰᠠᠨ᠃ ᠲᠡᠳᠡᠨ ᠦ ᠵᠠᠷᠢᠮ ᠨᠢ 《ᠬᠡᠷᠪᠡ ᠲᠠ ᠶᠠᠫᠣᠨ ᠳᠤ ᠵᠢᠭᠰᠠᠭᠠᠯ ᠴᠤᠭᠯᠠᠭᠠᠨ ᠬᠢᠬᠦ ᠶᠤᠮ ᠪᠣᠯ ᠬᠠᠮᠢᠶᠠᠲᠠᠨ ᠰᠠᠳᠤᠨ ᠢ ᠴᠢᠨᠢ (ᠥᠪᠡᠷᠲᠡᠭᠡᠨ ᠵᠠᠰᠠᠬᠤ  ᠣᠷᠣᠨ ᠳᠤ ᠠᠮᠢᠳᠤᠷᠠᠳᠠᠭ) ᠱᠣᠷᠣᠩ ᠳᠤ ᠬᠢᠬᠦ ᠪᠣᠯᠤᠨ᠎ᠠ》ᠭᠡᠬᠦ ᠮᠡᠲᠦ ᠰᠦᠷᠳᠡᠭᠦᠯᠭᠡ ᠶᠢ ᠬᠦᠯᠢᠶᠡᠨ ᠠᠪᠤᠭᠰᠠᠨ ᠭᠡᠵᠦ ᠮᠡᠳᠡᠭᠦᠯᠦᠭᠰᠡᠨ ᠬᠦᠮᠦᠰ ᠴᠤ ᠪᠠᠶᠢᠳᠠᠭ ᠃

ᠰᠠᠶ᠋ᠢᠬᠠᠨ  ᠠᠷᠴᠠ ᠭᠤᠸᠠᠢ ᠲᠠᠢ ᠬᠣᠯᠪᠣᠭᠠᠲᠠᠢ ᠰᠡᠳᠬᠢᠯ ᠵᠣᠪᠠᠭᠠᠭᠰᠠᠨ ᠬᠡᠷᠡᠭ ᠭᠠᠷᠴᠠᠢ᠃

ᠡᠨᠡ ᠰᠠᠷ᠎ᠠ ᠶᠢᠨ 12  ᠤ ᠡᠳᠦᠷ ᠺᠣᠪᠧ ᠳᠠᠬᠢ ᠭᠡᠷ ᠲᠦ ᠨᠢ ᠥᠪᠡᠷ ᠢ ᠪᠡᠨ ᠸᠠᠩ ᠣᠪᠤᠭᠲᠤ ᠭᠡᠬᠦ ᠬᠢᠲᠠᠳ ᠵᠠᠯᠠᠭᠤ ᠢᠷᠡᠵᠦ᠂ 《ᠪᠢ ᠲᠠᠨ ᠤ ᠬᠣᠲᠠ ᠶᠢᠨ ᠠᠨ ᠭᠡᠳᠡᠭ ᠠᠬ᠎ᠠ ᠶᠢᠨ ᠴᠢᠨᠢ ᠪᠡᠯᠡᠭ ᠢ ᠠᠪᠤᠭᠠᠳ ᠢᠷᠡᠯ᠎ᠡ》 ᠭᠡᠵᠡᠢ᠃ ᠲᠡᠭᠡᠭᠡᠳ《 ᠠᠨ ᠭᠡᠵᠦ ᠬᠡᠯᠡᠪᠡᠯ ᠴᠢᠮ᠎ᠠ ᠶᠢ ᠤᠶᠢᠯᠠᠭᠠᠬᠤ ᠪᠣᠯᠤᠨ᠎ᠠ》 ᠭᠡᠵᠦ ᠪᠠᠶᠢᠭᠰᠠᠨ ᠬᠡᠮᠡᠨ ᠳᠠᠬᠢᠨ ᠳᠠᠪᠲᠠᠨ ᠶᠠᠷᠢᠭᠰᠠᠨ ᠪᠠᠶᠢᠯ᠎ᠠ᠃

 ᠠᠷᠴᠠ ᠭᠤᠸᠠᠢ ᠳᠤ ᠠᠬ᠎ᠠ ᠪᠠᠶᠢᠬᠤ ᠦᠭᠡᠢ᠃ ᠨᠠᠳᠠ ᠳᠤ ᠠᠨ ᠭᠡᠳᠡᠭ ᠨᠠᠶᠢᠵᠠ ᠴᠤ ᠪᠠᠶᠢᠬᠤ ᠦᠭᠡᠢ᠃ ᠨᠤᠲᠤᠭ ᠲᠤ ᠪᠠᠶᠢᠭ᠎ᠠ ᠠᠪᠤ ᠡᠵᠢ ᠶᠢᠨ ᠭᠡᠷ ᠠᠷᠴᠠ ᠶᠢᠨ ᠠᠵᠢᠯ ᠢ ᠬᠠᠷᠢᠭᠤᠴᠠᠳᠠᠭ ᠭᠡᠬᠦ ᠴᠠᠭᠳᠠᠭ᠎ᠠ ᠲᠠᠩᠨᠠᠭᠤᠯ ᠤᠨ ᠬᠢᠨ ᠤ ᠬᠠᠮᠢᠶᠠᠷᠤᠭᠴᠢ ᠠᠵᠢᠯᠲᠠᠨ ᠤ ᠨᠢᠭᠡ ᠨᠢ ᠠᠨ ᠭᠡᠳᠡᠭ ᠪᠠᠶᠢᠪᠠ᠃

ᠲᠡᠭᠦᠨ ᠢ ᠬᠢᠲᠠᠳ ᠤᠨ ᠴᠠᠭᠳᠠᠭ᠎ᠠ ᠲᠠᠩᠨᠠᠭᠤᠯ ᠤᠨ ᠬᠢᠨ ᠭᠡᠵᠦ ᠪᠣᠳᠣᠳᠠᠭ ᠰᠢᠯᠲᠠᠭᠠᠨ

 ᠠᠷᠴᠠ᠄ ᠣᠯᠠᠨ ᠨᠡᠶᠢᠲᠡ ᠶᠢᠨ ᠠᠶᠤᠯ ᠦᠭᠡᠢ ᠪᠠᠶᠢᠳᠠᠯ ᠤᠨ ᠠᠵᠢᠯᠲᠠᠨ ᠭᠡᠵᠦ ᠪᠢ ᠲᠠᠭᠠᠮᠠᠭᠯᠠᠵᠤ ᠪᠠᠶᠢᠭᠰᠠᠨ᠃ ᠬᠣᠶᠠᠷ ᠳᠣᠯᠣᠭ᠎ᠠ ᠬᠣᠨᠣᠭ ᠤᠨ ᠡᠮᠦᠨ᠎ᠡ ᠳᠡᠭᠦᠦ᠂ ᠠᠪᠤ ᠮᠠᠨᠢ《ᠮᠠᠨ ᠤ ᠭᠡᠷ ᠲᠦ ᠲᠥᠷᠥ ᠶᠢᠨ ᠬᠠᠮᠠᠭᠠᠯᠠᠯᠲᠠ ᠶᠢᠨ ᠠᠯᠪᠠᠨ ᠤ ᠬᠢᠨ ᠢᠷᠡᠵᠦ᠂ ᠪᠢ ᠤᠳᠠᠬᠤ ᠦᠭᠡᠢ ᠶᠠᠫᠣᠨ ᠤᠷᠤᠭᠤ ᠶᠠᠪᠤᠬᠤ ᠪᠠᠷ ᠲᠥᠯᠥᠪᠯᠡᠵᠦ ᠪᠠᠶᠢᠨ᠎ᠠ》 ᠭᠡᠵᠦ ᠬᠡᠯᠡᠭᠰᠡᠨ ᠭᠡᠨ᠎ᠡ᠃《 ᠶᠠᠭᠠᠬᠢᠪᠠᠯ ᠵᠣᠬᠢᠬᠤ ᠪᠣᠢ︖ᠲᠠ ᠥᠪᠡᠷ ᠢᠶᠡᠨ  ᠰᠢᠢᠳᠦᠭᠡᠷᠡᠢ》 ᠭᠡᠵᠦ ᠨᠠᠳᠠ ᠳᠤ ᠤᠲᠠᠰᠤ ᠪᠠᠷ ᠬᠡᠯᠡᠭᠰᠡᠨ᠃

2019 ᠣᠨ ᠤ  ᠦᠶ᠎ᠡ  ᠪᠡᠷ ᠂  ᠨᠤᠲᠤᠭ ᠲᠠᠭᠠᠨ ᠪᠠᠶᠢᠭ᠎ᠠ ᠠᠪᠤ ᠡᠵᠢ ᠶᠢᠨ ᠭᠡᠷ ᠲᠤ ᠬᠢᠲᠠᠳ ᠤᠨ ᠠᠯᠪᠠᠨ ᠤ ᠬᠦᠮᠦᠰ( ᠴᠠᠭᠳᠠᠭ᠎ᠠ ᠲᠠᠩᠨᠠᠭᠤᠯ ᠤᠨ ᠬᠢᠨ) ᠢᠷᠡᠭᠡᠳ《ᠬᠡᠷᠪᠡ ᠭᠡᠷ ᠪᠦᠯᠢ ᠪᠡᠷ ᠨᠢ ᠳᠠᠮᠵᠢᠭᠤᠯᠤᠨ ᠶᠠᠪᠤᠭᠤᠯᠵᠤ ᠪᠤᠢ ᠦᠢᠯᠡ ᠠᠵᠢᠯᠯᠠᠭ᠎ᠠ ᠠᠬᠢᠬᠤ ᠦᠭᠡᠢ ᠪᠣᠯ (ᠮᠥᠨ) ᠠᠷᠴᠠ  ᠶᠢᠨ ᠶᠠᠫᠣᠨ ᠳᠠᠬᠢ ᠦᠢᠯᠡ ᠠᠵᠢᠯᠯᠠᠭ᠎ᠠ ᠵᠣᠭᠰᠣᠬᠤ ᠦᠭᠡᠢ ᠪᠣᠯ ᠪᠢᠳᠡ ᠰᠢᠭᠤᠳ ᠠᠷᠭ᠎ᠠ ᠬᠡᠮᠵᠢᠶ᠎ᠡ ᠠᠪᠬᠤ ᠪᠣᠯᠤᠨ᠎ᠠ᠃ ᠶᠠᠫᠣᠨ ᠳᠤ ᠮᠠᠨ ᠤ ᠣᠯᠠᠨ ᠭᠡᠰᠢᠭᠦᠳ ᠪᠠᠶᠢᠳᠠᠭ》 ᠬᠡᠮᠡᠨ ᠰᠦᠷᠳᠡᠭᠦᠯᠦᠭᠰᠡᠨ ᠭᠡᠵᠦ ᠬᠡᠯᠡᠭᠰᠡᠨ᠃

 ᠠᠷᠴᠠ ᠴᠠᠭᠳᠠᠭ᠎ᠠ ᠲᠠᠭᠤᠳᠠᠬᠤ ᠭᠡᠲᠡᠯ᠎ᠡ ᠮᠠᠨᠢ ᠡᠷ᠎ᠡ ᠰᠠᠨᠳᠤᠷᠤᠨ 《ᠬᠦᠮᠦᠨ ᠠᠨᠳᠠᠭᠤᠷᠠᠭᠰᠠᠨ ᠪᠠᠶᠢᠨ᠎ᠠ》 ᠭᠡᠵᠦ ᠬᠡᠯᠡᠭᠡᠳ ᠵᠠᠶᠢᠯᠠᠨ ᠣᠳᠴᠠᠢ᠃

ᠲᠠᠨᠢᠬᠤ ᠦᠭᠡᠢ ᠬᠦᠮᠦᠨ ᠭᠡᠷ ᠤᠨ ᠬᠢᠨᠢ  ᠡᠭᠦᠳᠡᠨ ᠳᠦ ᠢᠷᠡᠭᠰᠡᠨ ᠨᠢ ᠬᠢᠲᠠᠳ ᠤᠨ ᠡᠷᠬᠡ ᠪᠠᠷᠢᠭᠴᠢᠳ ᠤᠨ 《ᠠᠩᠬᠠᠷᠤᠭᠤᠯᠭ᠎ᠠ》 ᠭᠡᠵᠦ ᠲᠡᠷᠡ ᠦᠵᠡᠵᠦ ᠪᠠᠶᠢᠨ᠎ᠠ᠃

  ᠠᠷᠴᠠ ᠬᠤᠷᠠᠯ ᠳᠡᠭᠡᠷ᠎ᠡ《 ᠰᠠᠨᠠᠭ᠎ᠠ ᠵᠡᠭᠦᠳᠦᠨ ᠳᠦ ᠴᠤ ᠪᠠᠶᠢᠬᠤ ᠦᠭᠡᠢ ᠶᠠᠪᠤᠳᠠᠯ ᠪᠣᠯᠣᠯ᠎ᠠ᠃ ᠪᠢ ᠪᠠᠭ᠎ᠠ ᠨᠠᠰᠤᠨ ᠤ ᠬᠡᠦᠬᠡᠳ ᠦᠳ ᠲᠡᠢ ᠪᠣᠯᠬᠣᠷ ᠭᠡᠷ ᠪᠦᠯᠢ ᠶᠢᠨ ᠢᠶᠡᠨ ᠲᠥᠯᠥᠭᠡ ᠰᠠᠨᠠᠭ᠎ᠠ ᠵᠣᠪᠠᠵᠤ ᠪᠠᠶᠢᠨ᠎ᠠ᠃ ᠭᠡᠬᠦ ᠳᠦ ᠪᠡᠨ ᠪᠢ ᠶᠠᠫᠣᠨ ᠳᠤ ᠢᠲᠡᠭᠡᠵᠦ ᠪᠠᠶᠢᠨ᠎ᠠ》ᠭᠡᠵᠦ ᠣᠨᠴᠠᠯᠠᠭᠰᠠᠨ᠃

 ᠬᠤᠷᠠᠯ ᠬᠦᠲᠦᠯᠦᠭᠴᠢ ᠺᠣᠲ᠋ᠠᠷᠣ ᠮᠢᠦᠷ᠎ᠠ 《 ᠠᠷᠴᠠ ᠭᠤᠸᠠᠢ ᠶᠠᠫᠣᠨ ᠳᠤ ᠠᠮᠢᠳᠤᠷᠠᠳᠠᠭ᠂ ᠶᠠᠫᠣᠨ ᠤ ᠶᠡᠬᠡ ᠰᠤᠷᠭᠠᠭᠤᠯᠢ ᠳᠤ ᠰᠤᠷᠤᠯᠴᠠᠵᠤ᠂ ᠪᠠᠭᠰᠢᠯᠠᠳᠠᠭ᠃ ᠬᠢᠲᠠᠳ ᠤᠨ ᠡᠷᠬᠡ ᠪᠠᠷᠢᠭᠴᠢᠳ ᠡᠶᠢᠮᠦ ᠬᠦᠮᠦᠨ ᠢ ᠵᠠᠨᠤᠯᠬᠢᠯᠡᠵᠦ ᠪᠠᠶᠢᠭ᠎ᠠ ᠨᠢ ᠶᠠᠫᠣᠨ ᠤ ᠪᠦᠷᠢᠨ ᠡᠷᠬᠡᠲᠦ ᠪᠠᠶᠢᠳᠠᠯ ᠢ  ᠭᠤᠲᠤᠭᠠᠵᠤ ᠪᠠᠶᠢᠭ᠎ᠠ ᠶᠠᠪᠤᠳᠠᠯ ᠪᠣᠯᠬᠤ ᠶᠤᠮ᠃ ᠶᠠᠫᠣᠨ ᠳᠤ ᠪᠢᠳᠡ ᠡᠭᠦᠨ ᠢ ᠠᠰᠠᠭᠤᠳᠠᠯ ᠭᠡᠵᠦ ᠪᠣᠳᠣᠬᠤ ᠶᠣᠰᠣᠲᠠᠢ》 ᠭᠡᠵᠡᠢ᠃ (ᠰᠢᠮᠫᠡᠢ ᠤᠺᠦᠬᠠᠷᠠ)

ᠡᠬᠢ ᠰᠤᠷᠪᠤᠯᠵᠢ᠄

https://l.facebook.com/l.php?u=https%3A%2F%2Fwww.sankei.com%2Farticle%2F20240917-PKOGALBNRNAZFIHR7MQEBKS4RQ%2F%3Ffbclid%3DIwZXh0bgNhZW0CMTAAAR2j8I9kc3V5cMI4Jl0GLknJIv3h-IXlbsEZY4bxg6eanOy_TU6PI1WCJW0_aem_Tu897qVReyIJVIzbTwV21w&h=AT0D0KsUTdsl3S77PpJjG5kl-iWsace7UF-hg9LO43bDfB7w1XxhfVpnvURBJpZHwo4EPb7F-BIvvrMVuGBOoL-Bp41MQsPZWZSh75PLyXHOdborSKQoTUefe8IY5ASU70bubwnxYyPX0FIqsMM

info@southmongolia.org