ᠡᠮᠦᠨᠡᠳᠦ ᠮᠣᠩᠭᠣᠯ ᠦ᠋ᠨ ᠶᠡᠬᠡ ᠬᠤᠷᠠᠯᠲᠠᠢ

ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠵᠠᠰᠠᠭ ᠤᠨ ᠭᠠᠵᠠᠷ ᠠᠴᠠ ᠡᠮᠦᠨᠡᠲᠦ ᠮᠣᠩᠭᠣᠯ ᠳᠤ ᠶᠠᠪᠤᠭᠤᠯᠵᠤ ᠪᠤᠢ ᠭᠢᠨᠤᠼᠢᠳ᠋ ᠠᠵᠢᠯᠯᠠᠭ᠎ᠠ ᠶᠢ ᠡᠰᠡᠷᠭᠦᠴᠡᠬᠦ ᠨᠢ

ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠵᠠᠰᠠᠭ ᠤᠨ ᠭᠠᠵᠠᠷ ᠠᠴᠠ ᠡᠮᠦᠨᠡᠲᠦ ᠮᠣᠩᠭᠣᠯ ᠳᠤ ᠶᠠᠪᠤᠭᠤᠯᠵᠤ ᠪᠤᠢ

ᠭᠢᠨᠤᠼᠢᠳ᠋ ᠠᠵᠢᠯᠯᠠᠭ᠎ᠠ ᠶᠢ ᠡᠰᠡᠷᠭᠦᠴᠡᠬᠦ ᠨᠢ

ᠬᠢᠲᠠᠳ ᠤᠨ ᠵᠠᠰᠠᠭ ᠤᠨ ᠭᠠᠵᠠᠷ ᠨᠢ ᠡᠮᠦᠨᠡᠲᠦ ᠮᠣᠩᠭᠣᠯ ᠳ᠋ᠠᠬᠢ ᠬᠡᠯᠮᠡᠭᠳᠡᠭᠦᠯᠦᠯᠲᠡ ᠪᠡᠨ ᠨᠡᠩ ᠳᠠᠷᠤᠢ ᠵᠣᠭᠰᠤᠭᠠᠬᠤ ᠬᠡᠷᠡᠭᠲᠡᠢ

ᠡᠰᠡᠷᠭᠦᠴᠡᠯ ᠦᠨ ᠪᠢᠴᠢᠭ

ᠪᠦᠭᠦᠳᠡ ᠨᠠᠶᠢᠷᠠᠮᠳᠠᠬᠤ ᠬᠢᠲᠠᠳ ᠠᠷᠠᠳ ​​ᠤᠯᠤᠰ ᠤᠨ ᠲᠡᠷᠢᠭᠦᠯᠡᠭᠴᠢ

ᠨᠣᠶᠠᠨ ᠰᠢ ᠵᠢᠨ ᠫᠢᠩ ᠳᠦ

1949 ᠣᠨ ᠳᠤ ᠪᠦᠭᠦᠳᠡ ᠨᠠᠶᠢᠷᠠᠮᠳᠠᠬᠤ ᠬᠢᠲᠠᠳ ᠠᠷᠠᠳ ​​ᠤᠯᠤᠰ ᠪᠠᠶᠢᠭᠤᠯᠤᠭᠳᠠᠭᠰᠠᠨ ᠨᠢ ᠡᠮᠦᠨᠡᠲᠦ ᠮᠣᠩᠭᠣᠯᠴᠤᠳ ᠪᠢᠳᠡᠨ ᠦ ᠬᠤᠪᠢ ᠳᠤ ᠵᠣᠪᠠᠯᠠᠩ ᠪᠡᠷᠬᠡᠰᠢᠶᠡᠯ ᠦᠨ ᠡᠬᠢᠯᠡᠯ ᠡᠴᠡ ᠥᠭᠡᠷ᠎ᠡ ᠶᠠᠭᠤ ᠴᠤ ᠪᠢᠰᠢ ᠪᠠᠶᠢᠭᠰᠠᠨ᠃ ᠦᠨᠳᠦᠰᠦᠲᠡᠨ ᠦ ᠡᠵᠡᠨ ᠮᠡᠳᠡᠬᠦ ᠡᠷᠬᠡ᠂ ᠲᠤᠰᠠᠭᠠᠷ ᠲᠣᠭᠲᠠᠨᠢᠯ ᠡᠷᠬᠡ ᠶᠢ ᠤᠯᠠᠨ ᠳᠤ ᠪᠠᠨ ᠭᠢᠰᠬᠢᠵᠦ᠂ ᠡᠮᠦᠨᠡᠲᠦ ᠮᠣᠩᠭᠣᠯ ᠢ 《ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ》 ᠭᠡᠳᠡᠭ ᠨᠡᠷ᠎ᠡ  ᠪᠠᠷ ᠪᠦᠭᠦᠳᠡ ᠨᠠᠶᠢᠷᠠᠮᠳᠠᠬᠤ ᠬᠢᠲᠠᠳ ᠠᠷᠠᠳ ​​ᠤᠯᠤᠰ ᠤᠨ ᠪᠦᠷᠢᠯᠳᠦᠬᠦᠨ ᠳᠡᠬᠡᠨ ᠣᠷᠣᠭᠤᠯᠤᠭᠰᠠᠨ ᠪᠢᠯᠡ᠃

 ᠲᠤᠬᠠᠢ ᠶᠢᠨ ᠦᠶ᠎ᠡ ᠳᠦ ᠂ ᠡᠮᠦᠨᠡᠲᠦ ᠮᠣᠩᠭᠣᠯ ᠤᠨ ᠵᠠᠷᠢᠮ ᠺᠣᠮᠮᠤᠨᠢᠰᠲ ᠦᠵᠡᠯᠲᠡᠳ ᠨᠢ ᠦᠨᠳᠦᠰᠦᠲᠡᠨ ᠦ ᠥᠪᠡᠷᠲᠡᠭᠡᠨ ᠵᠠᠰᠠᠬᠤ  ᠦᠨᠳᠦᠰᠦᠨ ᠵᠠᠷᠴᠢᠮ ᠬᠠᠳᠠᠭᠠᠯᠠᠭᠳᠠᠨ᠎ᠠ ᠭᠡᠰᠡᠨ ᠬᠢᠲᠠᠳ ᠤᠨ ᠺᠣᠮᠮᠦᠨᠢᠰᠲ ᠨᠠᠮ ᠤᠨ ᠤᠷᠠᠨ ᠦᠭᠡᠨ ᠳᠦ ᠢᠲᠡᠭᠡᠵᠦ ᠪᠠᠶᠢᠪᠠ᠃ ᠭᠡᠰᠡᠨ ᠬᠡᠳᠦᠢ ᠴᠤ ᠂ ᠤᠳᠠᠯ ᠦᠭᠡᠢ ᠬᠤᠳᠠᠯ ᠪᠣᠯᠬᠤ ᠨᠢ ᠨᠣᠲᠠᠯᠠᠭᠳᠠᠭᠰᠠᠨ ᠃  ᠮᠣᠩᠭᠣᠯ ᠮᠣᠷᠢᠲᠤ ᠴᠡᠷᠢᠭ ᠨᠢ ᠺᠣᠮᠮᠦᠨᠢᠰᠲ ᠨᠠᠮ ᠤᠨ ᠬᠢᠲᠠᠳ ᠢᠷᠭᠡᠨ ᠤᠯᠤᠰ ᠲᠠᠢ ᠬᠢᠭᠰᠡᠨ ᠳᠠᠢᠨ ᠤᠳ ᠲᠡᠳᠦᠢ ᠪᠢᠰᠢ᠂ ᠲᠦᠪᠡᠳ ᠢ ᠡᠵᠡᠯᠡᠨ ᠲᠦᠷᠢᠮᠡᠭᠡᠶᠢᠯᠡᠬᠦ ᠦᠶ᠎ᠡ ᠳᠦ ᠴᠤ ᠠᠯᠪᠠᠳᠠᠨ ᠣᠷᠣᠯᠴᠠᠭᠤᠯᠤᠭᠰᠠᠨ᠃᠂ ᠬᠢᠲᠠᠳ ᠤᠨ ᠺᠣᠮᠮᠦᠨᠢᠰᠲ ᠵᠠᠰᠠᠭ ᠨᠢ1950 ᠊ᠭᠠᠳ ᠣᠨ ᠠᠴᠠ ᠮᠣᠩᠭᠣᠯ ᠤᠨ ᠯᠠᠮᠠ᠂ ᠰᠡᠬᠡᠭᠡᠲᠡᠨ ᠨᠦᠭᠦᠳ ᠢ ᠬᠡᠯᠮᠡᠭᠳᠡᠭᠦᠯᠵᠦ ᠪᠠᠢᠪᠠ᠃ 1960 ᠊ᠭᠠᠳ ᠣᠨ ᠤ ᠰᠤᠶᠤᠯ ᠤᠨ ᠬᠤᠪᠢᠰᠬᠠᠯ ᠤᠨ ᠦᠶ᠎ᠡ ᠪᠡᠷ ᠡᠮᠦᠨᠡᠲᠦ ᠮᠣᠩᠭᠣᠯ ᠳᠤ ᠪᠦᠬᠦ ᠮᠣᠩᠭᠣᠯ ᠬᠦᠮᠦᠨ ᠳᠦ ᠬᠠᠨᠲᠤᠭᠰᠠᠨ ᠬᠣᠮᠣᠷᠭᠠᠯᠠᠨ ᠤᠰᠠᠳᠬᠠᠯᠲᠠ ᠬᠢᠭᠰᠡᠨ ᠦ ᠤᠯᠠᠮ ᠠᠴᠠ ᠣᠯᠠᠨ ᠵᠠᠭᠤᠨ ᠮᠢᠩᠭᠠᠨ ᠬᠦᠮᠦᠨ ᠠᠮᠢ ᠦᠷᠡᠭᠳᠡᠵᠦ᠂ ᠣᠯᠠᠩᠬᠢ ᠮᠣᠩᠭᠣᠯᠴᠣᠳ ᠤᠨ ᠪᠡᠶ᠎ᠡ ᠰᠡᠳᠭᠢᠯ ᠳᠦ ᠰᠢᠷᠬ᠎ᠠ ᠰᠣᠷᠪᠢ ᠲᠠᠢ ᠦᠯᠡᠳᠡᠵᠡᠢ᠃

 ᠲᠡᠭᠦᠪᠡᠷ ᠦᠯᠦ ᠪᠠᠷᠠᠨ᠂ ᠣᠳᠣ ᠴᠤ ᠭᠡᠰᠡᠨ ᠭᠢᠨᠣᠼᠢᠳ᠋ ᠠᠵᠢᠯᠯᠠᠭ᠎ᠠ ᠦᠷᠭᠦᠯᠵᠢᠯᠡᠭᠰᠡᠭᠡᠷ ᠪᠠᠶᠢᠨ᠎ᠠ᠃ ᠡᠨᠡ ᠣᠨ ᠤ ᠶᠢᠰᠦᠳᠦᠭᠡᠷ ᠰᠠᠷ᠎ᠠ ᠠᠴᠠ ᠡᠮᠦᠨᠡᠲᠦ ᠮᠣᠩᠭᠣᠯ( ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ) ᠤᠨ ᠪᠦᠬᠦ ᠮᠣᠩᠭᠣᠯ ᠰᠤᠷᠭᠠᠭᠤᠯᠢ ᠨᠤᠭᠤᠳ ᠦᠨ ᠡᠬᠡ ᠬᠡᠯᠡ ᠪᠡᠷ ᠢᠶᠡᠨ ᠬᠢᠴᠢᠶᠡᠯᠯᠡᠵᠦ ᠪᠠᠢᠭᠰᠠᠨ ᠢ ᠬᠠᠯᠠᠵᠤ᠂ ᠬᠢᠲᠠᠳ ᠢᠶᠠᠷ ᠬᠢᠴᠢᠶᠡᠯᠯᠡᠭᠦᠯᠬᠦ ᠭᠡᠵᠦ ᠪᠣᠢ᠃ ᠮᠣᠩᠭᠣᠯ ᠬᠡᠯᠡ ᠪᠣᠯ ᠮᠣᠩᠭᠣᠯ ᠦᠨᠳᠦᠰᠦᠲᠡᠨ ᠦ ᠠᠮᠢᠨ ᠰᠦᠨᠡᠰᠦ ᠪᠣᠯᠬᠣ ᠶᠤᠮ᠃ ᠡᠮᠦᠨᠡᠲᠦ ᠮᠣᠩᠭᠣᠯᠴᠤᠳ ᠤᠨ ᠥᠪᠡᠷᠲᠡᠭᠡᠨ ᠵᠠᠰᠠᠨ ᠡᠵᠡᠨ ᠮᠡᠳᠡᠬᠦ ᠡᠷᠬᠡ ᠶᠢ ᠬᠠᠰᠤᠵᠤ᠂ ᠳᠠᠷᠠᠭ᠎ᠠ ᠨᠢ ᠡᠮᠦᠨᠡᠲᠦ ᠮᠣᠩᠭᠣᠯᠴᠤᠳ ᠪᠢᠳᠡᠨ ᠦ ᠠᠮᠢ ᠨᠠᠰᠤ  ᠶᠢ᠂ ᠡᠴᠦᠰ ᠲᠦ ᠨᠢ ᠪᠢᠳᠡᠨ ᠦ ᠡᠬᠡ ᠬᠡᠯᠡ ᠪᠡᠷ ᠢᠶᠡᠨ ᠰᠤᠷᠬᠤ ᠡᠷᠬᠡ ᠶᠢ ᠴᠤ ᠬᠦᠷᠲᠡᠯ᠎ᠡ ᠬᠠᠰᠤᠬᠤ ᠭᠡᠵᠦ ᠪᠠᠢᠨ᠎ᠠ᠃ ᠡᠨᠡ ᠪᠣᠯ ᠮᠣᠩᠭᠣᠯᠴᠤᠳ ᠪᠢᠳᠡᠨ ᠦ ᠰᠤᠶᠤᠯ ᠤᠯᠠᠮᠵᠢᠯᠠᠯ ᠢ ᠡᠪᠳᠡᠵᠦ ᠪᠤᠢ ᠰᠤᠶᠤᠯ ᠤᠨ ᠬᠣᠮᠣᠷᠭᠠᠯᠠᠨ ᠤᠰᠠᠳᠬᠠᠯᠲᠠ ᠪᠣᠯᠬᠤ ᠶᠤᠮ᠃ ᠮᠣᠩᠭᠣᠯᠴᠤᠳ ᠪᠢᠳᠡᠨ ᠤ ᠣᠶᠣᠨ ᠰᠦᠨᠡᠰᠦ ᠶᠢ ᠬᠦᠷᠲᠡᠯ᠎ᠡ ᠬᠢᠲᠤᠨ ᠤᠰᠠᠳᠬᠠᠬᠤ ᠶᠢ ᠣᠷᠣᠯᠳᠤᠵᠤ ᠪᠠᠢᠭ᠎ᠠ ᠬᠢᠲᠠᠳ ᠤᠨ ᠵᠠᠰᠠᠭ ᠡᠨᠡ ᠬᠦ ᠪᠠᠯᠠᠮᠠᠳ ᠠᠵᠢᠯᠯᠠᠭ᠎ᠠ  ᠶᠢ ᠶᠠᠭᠠᠬᠢᠭᠰᠠᠨ ᠴᠤ ᠬᠦᠯᠢᠶᠡᠨ ᠵᠦᠪᠰᠢᠶᠡᠷᠡᠬᠦ ᠦᠭᠡᠢ᠃

ᠲᠡᠭᠦᠨᠴᠢᠯᠡᠨ ᠬᠢᠲᠠᠳ ᠤᠨ ᠵᠠᠰᠠᠭ ᠤᠨ ᠪᠠᠷᠠᠭᠤᠨ ᠣᠷᠣᠨ ᠢ ᠨᠡᠭᠡᠭᠡᠵᠦ᠂ ᠠᠵᠤ ᠠᠬᠤᠢ ᠶᠢ ᠨᠢ ᠬᠥᠭᠵᠢᠭᠦᠯᠬᠦ ᠭᠡᠰᠡᠨ ᠰᠤᠷᠲᠠᠯ ᠤᠬᠠᠭᠤᠯᠭ᠎ᠠ ᠶᠢᠨ ᠳᠣᠣᠷ᠎ᠠ ᠪᠠᠶᠠᠯᠢᠭ ᠭᠠᠷᠤᠯᠲᠠ ᠶᠢ ᠨᠡᠭᠡᠭᠡᠨ ᠳᠡᠭᠡᠷᠡᠮᠳᠡᠵᠦ᠂ ᠪᠠᠶᠢᠭᠠᠯᠢ ᠣᠷᠴᠢᠨ ᠢ ᠡᠪᠳᠡᠨ ᠰᠦᠢᠳᠬᠡᠭᠰᠡᠨ ᠦ ᠤᠯᠠᠮ ᠠᠴᠠ ᠡᠮᠦᠨᠡᠲᠦ ᠮᠣᠩᠭᠣᠯ ᠤᠨ ᠪᠡᠯᠴᠢᠭᠡᠷ ᠨᠤᠲᠤᠭ ᠦᠨ ᠴᠦᠯᠵᠢᠯᠲᠡ ᠨᠢ ᠡᠷᠡᠰ ᠢᠶᠡᠷ ᠨᠡᠮᠡᠭᠳᠡᠵᠡᠢ ᠃ ᠡᠨᠡ ᠨᠢ ᠵᠥᠪᠬᠡᠨ ᠡᠮᠦᠨᠡᠲᠦ ᠮᠣᠩᠭᠣᠯ ᠲᠡᠳᠦᠢ ᠪᠢᠰᠢ᠂  ᠡᠨᠡ ᠬᠦ  ᠪᠠᠶᠢᠭᠠᠯᠢ ᠣᠷᠴᠢᠨ ᠤ ᠡᠪᠳᠡᠯᠭᠡ ᠡᠴᠡ ᠪᠣᠯᠵᠤ ᠡᠭᠦᠰᠦᠭᠰᠡᠨ ᠡᠯᠡᠰᠦᠨ ᠰᠢᠭᠤᠷᠭ᠎ᠠ ᠨᠢ ᠶᠠᠫᠣᠨ ᠤ ᠡᠷᠡᠭᠦᠯ ᠮᠡᠨᠳᠦ ᠳᠦ ᠴᠤ ᠨᠣᠴᠢᠲᠠᠢ ᠬᠣᠬᠢᠷᠠᠯ ᠤᠴᠠᠷᠠᠭᠤᠯᠵᠤ ᠪᠠᠶᠢᠨ᠎ᠠ᠃ ᠬᠢᠲᠠᠳ ᠤᠨ ᠺᠣᠮᠮᠤᠨᠢᠰᠲ ᠨᠠᠮ ᠤᠨ ᠵᠡᠷᠯᠢᠭ ᠦᠢᠯᠡ ᠠᠵᠢᠯᠯᠠᠭ᠎ᠠ ᠨᠢ ᠳᠡᠯᠡᠬᠡᠢ ᠶᠢᠨ ᠪᠠᠶᠢᠭᠠᠯᠢ ᠣᠷᠴᠢᠨ ᠳᠤ ᠠᠰᠤᠷᠤ ᠶᠡᠬᠡ ᠬᠣᠬᠢᠷᠠᠯ ᠤᠴᠠᠷᠠᠭᠤᠯᠵᠤ ᠪᠠᠶᠢᠨ᠎ᠠ᠃ ᠡᠨᠡ ᠨᠢ ᠬᠢᠲᠠᠳ ᠤᠨ ᠵᠠᠰᠠᠭ ᠤᠨ ᠭᠠᠵᠠᠷ ᠤᠨ ᠪᠠᠶᠢᠭᠠᠯᠢ ᠣᠷᠴᠢᠨ ᠳᠦ ᠶᠠᠪᠤᠭᠤᠯᠵᠤ ᠪᠣᠢ ᠭᠢᠨᠣᠼᠢᠳ᠋ ᠭᠡᠵᠦ ᠨᠡᠷᠡᠯᠡᠭᠳᠡᠬᠦ ᠶᠣᠰᠣᠲᠠᠢ ᠵᠡᠷᠯᠢᠭ ᠦᠢᠯᠡᠳᠦᠯ ᠶᠤᠮ᠃

ᠥᠨᠥᠳᠥᠷ᠂ ᠬᠢᠯᠢ ᠶᠢᠨ ᠴᠢᠨᠠᠳᠤ ᠳᠠᠬᠢ ᠡᠯᠢᠭᠡ ᠨᠢᠭᠡᠲᠦ ᠮᠣᠩᠭᠣᠯᠴᠤᠳ ᠪᠢᠳᠡ ᠬᠢᠲᠠᠳ ᠤᠨ ᠵᠠᠰᠠᠭ ᠤᠨ ᠭᠠᠵᠠᠷ ᠤᠨ ᠡᠮᠦᠨᠡᠲᠦ ᠮᠣᠩᠭᠣᠯᠴᠤᠳ ᠢ ᠬᠣᠮᠣᠷᠭᠠᠯᠠᠨ ᠤᠰᠠᠳᠬᠠᠵᠤ ᠪᠠᠢᠭ᠎ᠠ ᠶᠠᠯᠠᠲᠤ ᠠᠵᠢᠯᠯᠠᠭ᠎ᠠ ᠶᠢ ᠡᠷᠡᠰ ᠡᠰᠡᠷᠭᠦᠴᠡᠨ᠂ ᠣᠯᠠᠨ ᠤᠯᠤᠰ ᠤᠨ ᠬᠡᠮᠵᠢᠶᠡᠨ ᠳᠦ ᠨᠢᠭᠡᠨ ᠵᠡᠷᠭᠡ ᠪᠡᠷ ᠡᠰᠡᠷᠭᠦᠴᠡᠯ ᠦᠨ ᠠᠷᠭ᠎ᠠ ᠬᠡᠮᠵᠢᠶ᠎ᠡ  ᠵᠣᠬᠢᠶᠠᠨ ᠪᠠᠢᠭᠤᠯᠵᠤ ᠪᠠᠶᠢᠨ᠎ᠠ᠃ ᠭᠡᠲᠡᠯ᠎ᠡ ᠬᠢᠲᠠᠳ ᠤᠨ ᠵᠠᠰᠠᠭ ᠤᠨ ᠭᠠᠵᠠᠷ ᠨᠢ ᠡᠮᠦᠨᠡᠲᠦ ᠮᠣᠩᠭᠣᠯᠴᠤᠳ ᠪᠢᠳᠡᠨ ᠢ ᠶᠠᠫᠣᠨ ᠮᠡᠲᠦ ᠶᠢᠨ  ᠠᠷᠠᠳᠴᠢᠯᠠᠭᠰᠠᠨ ᠤᠯᠤᠰ ᠣᠷᠣᠨ ᠨᠤᠭᠤᠳ ᠲᠤ ᠬᠦᠷᠲᠡᠯ᠎ᠡ ᠬᠠᠷᠠᠭ᠎ᠠ ᠬᠢᠨᠠᠯᠲᠠᠨ ᠳᠤ ᠪᠠᠨ ᠪᠠᠶᠢᠯᠭᠠᠵᠤ᠂ ᠪᠢᠳᠡᠨ  ᠦ ᠠᠷᠤ ᠭᠡᠷ ᠦᠨ ᠬᠢᠨ ᠢ ᠪᠠᠷᠢᠴᠠᠭᠠᠯᠠᠵᠤ᠂ ᠵᠠᠨᠤᠯᠬᠢᠯᠡᠵᠦ᠂ ᠮᠡᠳᠡᠭᠡᠯᠡᠯ ᠥᠭᠭᠦᠭᠦᠯᠬᠦ ᠪᠡᠷ ᠠᠯᠪᠠᠳᠠᠵᠤ ᠪᠠᠶᠢᠨ᠎ᠠ᠃ ᠡᠶᠢᠮᠦ ᠦᠢᠯᠡᠳᠦᠯ ᠨᠢ ᠪᠤᠰᠤᠳ ᠤᠯᠤᠰ ᠣᠷᠣᠨ ᠤ ᠪᠥᠷᠢᠨ ᠡᠷᠬᠡᠲᠦ ᠪᠠᠶᠢᠳᠠᠯ ᠳᠤ ᠬᠠᠯᠳᠠᠵᠤ ᠪᠠᠶᠢᠭ᠎ᠠ ᠶᠢᠨ ᠵᠡᠷᠭᠡᠴᠡᠭᠡ ᠬᠢᠯᠢ ᠶᠢᠨ ᠴᠢᠨᠠᠳᠤ ᠳ᠋ᠠᠬᠢ ᠡᠮᠦᠨᠡᠲᠦ ᠮᠣᠩᠭᠣᠯᠴᠤᠳ ᠪᠢᠳᠡᠨ ᠦ ᠬᠦᠮᠦᠨ ᠦ ​​ᠡᠷᠬᠡ ᠳᠦ ᠬᠠᠯᠳᠠᠵᠤ ᠪᠠᠢᠭ᠎ᠠ ᠬᠠᠤᠯᠢ ᠪᠣᠰᠤ ᠠᠵᠢᠯᠯᠠᠭ᠎ᠠ ᠪᠣᠯᠬᠤ ᠶᠤᠮ᠃ ᠬᠢᠲᠠᠳ ᠤᠨ ᠵᠠᠰᠠᠭ ᠤᠨ ᠭᠠᠵᠠᠷ ᠤᠨ ᠡᠨᠡ ᠬᠦ ᠬᠠᠤᠯᠢ ᠪᠣᠰᠤ ᠠᠵᠢᠯᠯᠠᠭ᠎ᠠ ᠪᠠᠨ ᠨᠡᠩ ᠳᠠᠷᠤᠢ ᠵᠣᠭᠰᠣᠭᠠᠬᠤ ᠶᠢ  ᠪᠢᠳᠡ ᠴᠢᠩᠭ᠎ᠠ ᠱᠠᠭᠠᠷᠳᠠᠵᠤ ᠪᠠᠢᠨ᠎ᠠ᠃ ᠪᠢᠳᠡ ᠮᠦᠨ ᠡᠨᠡ ᠬᠦ ᠠᠶᠤᠯ ᠵᠠᠨᠤᠯᠬᠢᠯᠡᠭᠰᠡᠨ ᠪᠣᠳᠠᠲᠤ ᠪᠠᠢᠳᠠᠯ ᠢ ᠪᠦᠬᠦ ᠠᠷᠠᠳᠴᠢᠯᠠᠭᠰᠠᠨ ᠣᠷᠣᠨ ᠨᠤᠭᠤᠳ ᠤᠨ ᠤᠯᠤᠰ ᠤᠨ ᠬᠤᠷᠠᠯ᠂ ᠵᠠᠰᠠᠭ ᠤᠨ ᠭᠠᠵᠠᠷ ᠪᠣᠯᠣᠨ ᠬᠠᠮᠢᠶ᠎ᠠ ᠪᠦᠬᠦᠢ ᠪᠠᠢᠭᠤᠯᠤᠯᠭ᠎ᠠ ᠳᠤ ᠮᠡᠳᠡᠭᠳᠡᠵᠦ᠂ ᠵᠣᠬᠢᠬᠤ ᠬᠣᠷᠢᠭ ᠠᠷᠭ᠎ᠠ ᠬᠡᠮᠵᠢᠶ᠎ᠡ ᠠᠪᠬᠠᠭᠤᠯᠬᠤ ᠶᠢ ᠴᠤ ᠱᠠᠭᠠᠷᠳᠠᠬᠤ ᠪᠣᠯᠣᠨ᠎ᠠ ᠭᠡᠳᠡᠭ ᠢᠶᠡᠨ ᠡᠨᠳᠡ ᠮᠡᠳᠡᠭᠳᠡᠨ ᠵᠠᠷᠯᠠᠵᠤ ᠪᠠᠶᠢᠨ᠎ᠠ᠃

2023 ᠣᠨ ᠤ 5 ᠳ᠋ᠤᠭᠠᠷ ᠰᠠᠷ᠎ᠠ ᠶᠢᠨ 7

5.11 ᠳᠤᠷᠠᠰᠬᠠᠯ ᠤᠨ ᠵᠢᠭᠰᠠᠭᠠᠯ ᠢ ᠵᠣᠬᠢᠶᠠᠨ ᠪᠠᠶᠢᠭᠤᠯᠬᠤ ᠵᠦᠪᠯᠡᠯ

info@southmongolia.org