ᠡᠮᠦᠨᠡᠳᠦ ᠮᠣᠩᠭᠣᠯ ᠦ᠋ᠨ ᠶᠡᠬᠡ ᠬᠤᠷᠠᠯᠲᠠᠢ

ᠴ᠂ ᠮᠥᠩᠬᠡᠪᠠᠶᠠᠷ ᠤᠨ ᠰᠢᠭᠦᠬᠦ ᠶᠢᠨ ᠬᠡᠷᠡᠭ ᠦᠨ ᠲᠤᠬᠠᠢ << ᠡᠮᠦᠨᠡᠲᠦ ᠮᠣᠩᠭᠣᠯ ᠢ ᠳᠡᠮᠵᠢᠬᠦ ᠫᠠᠷᠯᠠᠮᠸᠨᠲ ᠤᠨ ᠬᠣᠯᠪᠤᠭᠠᠨ >> ᠤ ᠮᠡᠳᠡᠭᠳᠡᠯ

ᠴ᠂ ᠮᠥᠩᠬᠡᠪᠠᠶᠠᠷ ᠤᠨ ᠰᠢᠭᠦᠬᠦ ᠶᠢᠨ ᠬᠡᠷᠡᠭ ᠦᠨ ᠲᠤᠬᠠᠢ << ᠡᠮᠦᠨᠡᠲᠦ ᠮᠣᠩᠭᠣᠯ ᠢ ᠳᠡᠮᠵᠢᠬᠦ ᠫᠠᠷᠯᠠᠮᠸᠨᠲ ᠤᠨ ᠬᠣᠯᠪᠤᠭᠠᠨ >> ᠤ

                                      ᠮᠡᠳᠡᠭᠳᠡᠯ

ᠴᠢᠯᠠᠭᠤᠨᠳᠣᠷᠵᠢ ᠶᠢᠨ ᠮᠥᠩᠬᠡᠪᠠᠶᠠᠷ ᠢ ᠡᠨᠡ ᠣᠨ ᠤ 2 ᠳ᠋ᠤᠭᠠᠷ ᠰᠠᠷ᠎ᠠ ᠶᠢᠨ 17 ᠳᠦ ᠲᠠᠩᠨᠠᠭᠤᠯ ᠤᠨ ᠶᠡᠷᠦᠩᠬᠡᠢ ᠭᠠᠵᠠᠷ ᠤᠯᠠᠭᠠᠨᠪᠠᠭᠠᠲᠤᠷ ᠬᠣᠲᠠᠨ ᠳᠤ ᠪᠠᠷᠢᠪᠴᠢᠯᠠᠪᠠ᠃

ᠲᠡᠷᠡ ᠪᠡᠷ ᠮᠣᠩᠭᠣᠯ ᠤᠯᠤᠰ ᠤᠨ << ᠬᠥᠳᠡᠯᠮᠦᠷᠢ ᠶᠢᠨ ᠬᠦᠨᠳᠦᠲᠦ ᠮᠧᠳᠠᠯ >>᠂ << ᠠᠯᠲᠠᠨ ᠭᠠᠳᠠᠰᠤ >>᠂ << ᠬᠥᠳᠡᠯᠮᠦᠷᠢ ᠶᠢᠨ ᠭᠠᠪᠢᠶᠠᠨ ᠤ ᠤᠯᠠᠭᠠᠨ ᠲᠤᠭ ᠤᠨ ᠣᠳᠤᠨ >> ᠵᠡᠷᠭᠡ ᠨᠡᠷ᠎ᠡ ᠬᠦᠨᠳᠦᠲᠡᠢ ᠣᠳᠤᠨ ᠮᠧᠳᠠᠯ ᠢᠶᠠᠷ ᠱᠠᠩᠨᠠᠭᠤᠯᠵᠤ ᠪᠠᠶᠢᠭᠰᠠᠨ ᠰᠡᠳᠬᠦᠯᠴᠢ ᠪᠥᠭᠡᠳ ᠮᠣᠩᠭᠣᠯ ᠤᠯᠤᠰ ᠤᠨ ᠳᠣᠲᠣᠭᠠᠳᠤ᠂ ᠭᠠᠳᠠᠭᠠᠳᠤ᠂ ᠲᠡᠷᠡ ᠳᠤᠮᠳᠠ ᠪᠠᠨ ᠡᠮᠦᠨᠡᠲᠦ ᠮᠣᠩᠭᠣᠯ ( ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ᠂ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ) ᠳ᠋ᠠᠬᠢ ᠮᠣᠩᠭᠣᠯᠴᠤᠳ ᠢ ᠳᠡᠮᠵᠢᠬᠦ ᠦᠢᠯᠡ ᠠᠵᠢᠯᠯᠠᠭ᠎ᠠ ᠶᠢ ᠲᠠᠰᠤᠷᠠᠯᠲᠠ ᠦᠭᠡᠢ ᠶᠠᠪᠤᠭᠤᠯᠵᠤ ᠢᠷᠡᠭᠰᠡᠨ ᠪᠢᠯᠡ᠃ ᠲᠤᠬᠠᠶᠢᠯᠠᠪᠠᠯ᠂ ᠴ ∙ ᠮᠥᠩᠬᠡᠪᠠᠶᠠᠷ ᠨᠢ ᠬᠢᠲᠠᠳ ᠤᠯᠤᠰ ᠤᠨ ᠵᠠᠰᠠᠭ ᠤᠨ ᠭᠠᠵᠠᠷ ᠠᠴᠠ ᠶᠠᠪᠤᠭᠤᠯᠵᠤ ᠪᠠᠢᠭ᠎ᠠ ᠡᠮᠦᠨᠡᠲᠦ ᠮᠣᠩᠭᠣᠯ ᠳᠠᠬᠢ ᠡᠬᠡ ᠬᠡᠯᠡᠨ ᠦ ( ᠮᠣᠩᠭᠣᠯ ) ᠪᠣᠯᠪᠠᠰᠤᠷᠠᠯ ᠢ ᠬᠠᠯᠠᠬᠤ ᠰᠤᠶᠤᠯ ᠤᠨ ᠳᠠᠷᠤᠩᠭᠤᠶᠢᠯᠠᠯ ᠦᠢᠯᠡᠳᠴᠦ ᠪᠠᠶᠢᠭᠰᠠᠨ ᠢ ᠡᠰᠡᠷᠭᠦᠴᠡᠵᠦ ᠪᠠᠶᠢᠭᠰᠠᠨ ᠪᠥᠭᠡᠳ ᠡᠨᠡ ᠨᠢ ᠡᠩ ᠦᠨ ᠤᠬᠠᠮᠰᠠᠷ ᠤᠨ ᠲᠦᠪᠰᠢᠨ ᠳᠦ ᠠᠪᠴᠤ ᠦᠵᠡᠬᠦ ᠳᠦ ᠯᠠ ᠮᠣᠩᠭᠣᠯ ᠤᠨ ᠠᠷᠠᠳ ᠲᠦᠮᠡᠨ ᠤ ᠥᠪᠡᠷᠲᠡᠭᠡᠨ ᠵᠠᠰᠠᠬᠤ ᠡᠷᠬᠡ ᠶᠢ ᠬᠠᠮᠠᠭᠠᠯᠠᠬᠤ ᠵᠦᠢ ᠶᠣᠰᠣᠨ ᠤ ᠦᠢᠯᠡ ᠠᠵᠢᠯᠯᠠᠭ᠎ᠠ ᠪᠠᠶᠢᠭᠰᠠᠨ ᠭᠡᠵᠦ ᠪᠢᠳᠡ ᠣᠶᠢᠯᠠᠭᠠᠵᠤ ᠪᠠᠶᠢᠨ᠎ᠠ᠃ ᠮᠥᠩᠬᠡᠪᠠᠶᠠᠷ ᠤᠨ ᠳᠡᠭᠡᠷᠡᠬᠢ ᠦᠢᠯᠡ ᠠᠵᠢᠯᠯᠠᠭ᠎ᠠ ᠨᠢ << ᠡᠮᠦᠨᠡᠲᠦ ᠮᠣᠩᠭᠣᠯ ᠢ ᠳᠡᠮᠵᠢᠬᠦ ᠫᠠᠷᠯᠠᠮᠧᠨᠲ ᠤᠨ ᠬᠣᠯᠪᠤᠭᠠᠨ >> ᠤ ᠡᠭᠦᠰᠬᠡᠨ ᠪᠠᠶᠢᠭᠤᠯᠤᠭᠳᠠᠭᠰᠠᠨ ᠵᠣᠷᠢᠯᠭ᠎ᠠ᠂ ᠦᠢᠯᠡ ᠠᠵᠢᠯᠯᠠᠭᠠᠨ ᠤ ᠠᠭᠤᠯᠭ᠎ᠠ ᠲᠠᠢ ᠨᠡᠶᠢᠴᠡᠵᠦ ᠪᠠᠶᠢᠨ᠎ᠠ ᠭᠡᠳᠡᠭ ᠢ ᠬᠡᠯᠡᠬᠦ ᠨᠢ ᠵᠦᠢᠲᠡᠢ᠃

ᠭᠡᠪᠡᠴᠦ ᠥᠩᠭᠡᠷᠡᠭᠰᠡᠨ 6 ᠳ᠋ᠤᠭᠠᠷ ᠰᠠᠷ᠎ᠠ ᠶᠢᠨ 28 ᠳᠤ ᠪᠣᠯᠤᠭᠰᠠᠨ ᠠᠩᠬᠠᠨ ᠱᠠᠲᠤᠨ ᠤ ᠰᠢᠭᠦᠬᠦ ᠬᠤᠷᠠᠯ᠂ 9 ᠳ᠋ᠦ᠋ᠭᠡᠷ ᠰᠠᠷ᠎ᠠ ᠶᠢᠨ 21 ᠤ ᠡᠳᠦᠷ ᠪᠣᠯᠤᠭᠰᠠᠨ ᠳᠠᠪᠠᠵᠤ ᠵᠠᠭᠠᠯᠳᠤᠬᠤ ᠱᠠᠲᠤᠨ ᠤ ᠰᠢᠭᠦᠬᠦ ᠬᠤᠷᠠᠯ ᠢᠶᠠᠷ ᠲᠡᠭᠦᠨ ᠢ << ᠬᠢᠲᠠᠳ᠂ ᠮᠣᠩᠭᠣᠯ ᠤᠨ ᠬᠠᠷᠢᠯᠴᠠᠭᠠᠨ ᠳᠤ ᠰᠡᠪ ᠰᠠᠭᠤᠯᠭᠠᠭᠰᠠᠨ >> ᠭᠡᠮ ᠪᠤᠷᠤᠭᠤ ᠲᠠᠢ ᠳᠤ ᠲᠣᠭᠠᠴᠠᠵᠤ 10 ᠵᠢᠯ ᠦᠨ ᠬᠣᠷᠢᠬᠤ ᠶᠠᠯ᠎ᠠ ᠣᠨᠣᠭᠠᠭᠰᠠᠨ᠃ ᠪᠢᠳᠡᠨ ᠦ ᠬᠤᠪᠢ ᠳᠤ ᠬᠡᠷᠡᠭ ᠢ ᠬᠢᠨᠠᠯᠲᠠ ᠶᠢᠨ ᠱᠠᠲᠤᠨ ᠤ ᠵᠢᠷᠤᠮ ᠢᠶᠠᠷ ᠬᠡᠯᠡᠯᠴᠡᠨ᠎ᠡ ᠭᠡᠵᠦ ᠣᠶᠢᠯᠠᠭᠠᠵᠤ ᠪᠠᠶᠢᠭ᠎ᠠ ᠪᠥᠭᠡᠳ ᠰᠢᠭᠦᠬᠦ ᠶᠢᠨ ᠬᠡᠷᠡᠭ ᠬᠢᠨᠠᠨ ᠰᠢᠢᠳᠪᠦᠷᠢᠯᠡᠬᠦ ᠠᠵᠢᠯᠯᠠᠭ᠎ᠠ ᠨᠢ ᠮᠣᠩᠭᠣᠯ ᠤᠯᠤᠰ ᠤᠨ ᠬᠠᠤᠯᠢ ᠲᠣᠭᠲᠠᠭᠠᠮᠵᠢ ᠶᠢᠨ ᠳᠠᠭᠠᠤ ᠪᠤᠰᠤᠳ ᠤᠯᠤᠰ᠂ ᠣᠷᠣᠨ ᠤ ᠠᠯᠢᠪᠠ ᠳᠠᠷᠤᠮᠲᠠ ᠰᠢᠬᠠᠯᠲᠠ ᠦᠭᠡᠢ ᠪᠡᠷ ᠦᠨᠡᠨ ᠰᠢᠳᠤᠷᠭᠤ ᠪᠠᠷ ᠶᠠᠪᠤᠭᠳᠠᠨ᠎ᠠ ᠭᠡᠳᠡᠭ ᠲᠦ ᠨᠠᠶᠢᠳᠠᠵᠤ᠂ ᠰᠢᠭᠦᠬᠦ ᠬᠤᠷᠠᠯ ᠤᠨ ᠶᠠᠪᠤᠴᠠ ᠶᠢ ᠠᠩᠬᠠᠷᠤᠯ ᠲᠠᠢ ᠠᠵᠢᠭᠯᠠᠬᠤ ᠪᠣᠯᠤᠨ᠎ᠠ ᠭᠡᠳᠡᠭ ᠢᠶᠡᠨ ᠢᠯᠡᠷᠬᠡᠶᠢᠯᠡᠶ᠎ᠡ᠃

2022 ᠣᠨ ᠤ 10 ᠳ᠋ᠤᠭᠠᠷ ᠰᠠᠷ᠎ᠠ ᠶᠢᠨ 26

ᠡᠮᠦᠨᠡᠲᠦ ᠮᠣᠩᠭᠣᠯ ᠢ ᠳᠡᠮᠵᠢᠬᠦ ᠫᠠᠷᠠᠯᠮᠧᠨᠲᠴᠢᠳ ᠤᠨ ᠬᠣᠯᠪᠣᠭᠠᠨ ᠤ ᠳᠠᠷᠤᠭ᠎ᠠ

                                                                     ᠲᠠᠺᠠᠶ᠋ᠢᠴᠢ  ᠰᠠᠨᠠᠶ᠋ᠸ

ᠶᠠᠫᠣᠨ ᠬᠡᠯᠡᠨ ᠦ ᠡᠬᠡ ᠪᠢᠴᠢᠭ

info@southmongolia.org