ᠲᠤᠰ ᠰᠠᠷ᠎ᠠ ᠶᠢᠨ 24 ᠦ ᠡᠳᠦᠷ᠂ ᠶᠠᠫᠣᠨ ᠠᠮᠧᠷᠢᠺᠠ ᠠᠤᠰᠲ᠋ᠠᠷᠯᠢᠶᠠ ᠡᠨᠡᠳᠬᠡᠭ ᠳᠦᠷᠪᠡᠨ ᠤᠯᠤᠰ ᠤᠨ ᠲᠡᠷᠢᠭᠦᠨ ᠦ ᠠᠭᠤᠯᠵᠠᠯᠲᠠ ᠲᠣᠣᠺᠢᠣ᠋ ᠳᠤ ᠪᠣᠯᠣᠭᠰᠠᠨ ᠢ ᠲᠣᠬᠢᠶᠠᠯᠳᠤᠭᠤᠯᠤᠨ᠂ ᠬᠢᠲᠠᠳ ᠤᠨ ᠺᠣᠮᠮᠦᠨᠢᠰᠲ ᠵᠠᠰᠠᠭ ᠤᠨ ᠲᠦᠷᠢᠮᠡᠬᠡᠢᠯᠡᠬᠦ᠂ ᠬᠡᠯᠮᠡᠭᠳᠡᠭᠦᠯᠬᠦ᠂ ᠤᠰᠠᠳᠬᠠᠬᠤ ᠪᠣᠳᠤᠯᠭ᠎ᠠ ᠳᠤ ᠥᠪᠡᠷᠰᠡᠳ ᠦᠨ ᠪᠦᠬᠦ ᠵᠦᠢᠯ ᠢᠶᠡᠨ ᠠᠯᠳᠠᠵᠤ ᠪᠣᠢ ᠡᠮᠦᠨᠡᠲᠦ ᠮᠣᠩᠭᠣᠯ᠂ ᠲᠥᠪᠡᠳ᠂ ᠣᠢᠭᠤᠷ ᠵᠢᠴᠢ ᠰᠡᠭᠦᠯ ᠦᠨ ᠵᠢᠯ ᠳᠦ ᠡᠷᠬᠡ ᠴᠢᠯᠦᠭᠡ ᠪᠡᠨ ᠬᠠᠰᠤᠭᠤᠯᠤᠭᠰᠠᠨ ᠠᠴᠠ ᠠᠳᠠᠯᠢᠬᠠᠨ ᠵᠣᠪᠠᠯᠠᠩ ᠳᠤ ᠦᠷᠲᠦᠵᠦ ᠡᠬᠢᠯᠡᠭᠰᠡᠨ ᠬᠣᠩᠺᠣᠩ ᠵᠡᠷᠭᠡ ᠭᠠᠵᠠᠷ ᠤᠨ ᠬᠡᠰᠡᠭ ᠲᠥᠯᠥᠭᠡᠯᠡᠭᠴᠢᠳ ᠫᠠᠷᠯᠠᠮᠧᠨᠲ ᠤᠨ ᠬᠣᠶᠠᠳᠤᠭᠠᠷ ᠠᠰᠠᠷ ᠤᠨ ᠡᠮᠦᠨ᠎ᠡ ᠴᠤᠭᠯᠠᠷᠠᠨ᠂ ᠬᠢᠲᠠᠳ ᠤᠨ ᠺᠣᠮᠮᠦᠨᠢᠰᠲ ᠵᠠᠰᠠᠭ ᠤᠨ ᠪᠤᠰᠤᠳ ᠦᠨᠳᠦᠰᠦᠲᠡᠨ ᠳᠦ ᠠᠪᠴᠤ ᠪᠠᠢᠭ᠎ᠠ ᠤᠰᠠᠳᠬᠠᠬᠤ ᠪᠣᠳᠣᠯᠭ᠎ᠠ ᠶᠢ ᠪᠣᠷᠣᠭᠣᠰᠢᠶᠠᠨ᠂ ᠭᠠᠳᠠᠭᠰᠢ ᠬᠦᠴᠦ ᠪᠡᠷ ᠦᠷᠭᠡᠳᠬᠡᠨ ᠲᠡᠯᠡᠬᠦ ᠪᠣᠳᠤᠯᠭ᠎ᠠ ᠶᠢᠨ ᠬᠢᠨᠢ ᠬᠠᠰᠢᠯᠭ᠎ᠠ ᠪᠣᠯᠣᠭᠠᠴᠢ ᠡ ᠭᠡᠵᠦ ᠶᠠᠭ ᠰᠠᠢᠬᠠᠨ ᠠᠭᠤᠯᠵᠠᠯᠲᠠ ᠬᠢᠵᠦ ᠪᠠᠢᠭ᠎ᠠ ᠳᠦᠷᠪᠡᠨ ᠤᠯᠤᠰ ᠤᠨ ᠲᠡᠷᠢᠭᠦᠨ ᠳᠦ ᠬᠦᠰᠡᠨ ᠤᠷᠢᠶᠠᠯᠠᠵᠠᠢ᠃
ᠶᠠᠫᠣᠨ᠂ ᠠᠮᠧᠷᠢᠺᠠ᠂ ᠠᠤᠰᠲ᠋ᠠᠷᠯᠢᠶᠠ᠂ ᠡᠨᠡᠳᠬᠡᠭ ᠳᠦᠷᠪᠡᠨ ᠤᠯᠤᠰ ᠤᠨ ᠠᠭᠤᠯᠵᠠᠯᠲᠠ ᠶᠢ ᠺᠤᠸᠠᠳ᠋ ( Quadrilateral Security Dialogue ) ᠭᠡᠵᠦ ᠳᠦᠭᠦᠮᠴᠢᠯᠡᠨ ᠨᠡᠷᠡᠯᠡᠳᠡᠭ ᠪᠦᠭᠡᠳ ᠡᠨᠡᠳᠬᠡᠭ ᠨᠣᠮᠤᠬᠠᠨ ᠳᠠᠯᠠᠢ ᠶᠢᠨ ᠣᠷᠣᠨ ᠤ ᠭᠣᠣᠯ ᠪᠣᠯᠬᠤ ᠳᠦᠷᠪᠡᠨ ᠠᠷᠠᠳᠴᠢᠯᠠᠭᠰᠠᠨ ᠤᠯᠤᠰ ᠤᠨ ᠬᠣᠯᠪᠤᠭ᠎ᠠ ᠪᠣᠯᠬᠤ ᠶᠤᠮ᠃ ᠭᠣᠣᠯᠳᠠᠭᠤ ᠭᠠᠳᠠᠭᠠᠳᠤ ᠬᠠᠷᠢᠯᠴᠠᠭ᠎ᠠ᠂ ᠪᠠᠲᠤᠯᠠᠨ ᠬᠠᠮᠠᠭᠠᠯᠠᠯᠲᠠ ᠶᠢᠨ ᠲᠠᠯ᠎ᠠ ᠪᠠᠷ ᠬᠠᠮᠲᠤᠷᠠᠨ ᠠᠵᠢᠯᠯᠠᠬᠤ᠂ ᠬᠠᠷᠢᠯᠴᠠᠨ ᠬᠠᠪᠰᠤᠷᠠᠯᠴᠠᠬᠤ ᠤᠴᠢᠷ ᠤᠳ ᠢᠶᠠᠨ ᠵᠥᠪᠳᠡᠯᠴᠡᠬᠦ ᠪᠣᠯᠪᠠᠴᠤ᠂ ᠡᠭᠦᠨ ᠡᠴᠡ ᠪᠡᠨ ᠭᠠᠳᠠᠨ᠎ᠠ ᠪᠠᠰᠠ ᠲᠤᠰ ᠣᠷᠣᠨ ᠨᠤᠭᠤᠳ ᠲᠠᠬᠢ ᠪᠦᠲᠦᠭᠡᠨ ᠪᠠᠢᠭᠤᠯᠤᠯᠲᠠ᠂ ᠲᠸᠷᠣᠷᠢᠰᠲ ᠤᠨ ᠡᠰᠡᠷᠭᠦ ᠪᠣᠳᠤᠯᠭ᠎ᠠ᠂ ᠢᠨᠲ᠋ᠧᠷᠨᠧᠲ ᠣᠷᠴᠢᠨ ᠤ ᠠᠶᠤᠯ ᠦᠭᠡᠢ ᠪᠠᠢᠳᠠᠯ᠂ ᠺᠣᠷᠣᠨᠠ ᠸᠢᠷᠦ᠋ᠰ ᠲᠦ ᠠᠪᠬᠤ ᠪᠣᠳᠤᠯᠭ᠎ᠠ᠂ ᠠᠭᠤᠷ ᠠᠮᠢᠰᠬᠤᠯ ᠤᠨ ᠬᠣᠪᠢᠷᠠᠯᠲᠠ ᠳᠤ ᠠᠪᠬᠤ ᠪᠣᠳᠣᠯᠭ᠎ᠠ ᠵᠡᠷᠭᠡ ᠣᠯᠠᠨ ᠲᠠᠯ᠎ᠠ ᠳᠤ ᠰᠠᠨᠠᠯ ᠢᠶᠠᠨ ᠰᠣᠯᠢᠯᠴᠠᠨ ᠵᠥᠪᠳᠡᠯᠴᠡᠳᠡᠭ ᠠᠵᠠᠢ᠃ ᠣᠳᠣ ᠪᠣᠯᠲᠠᠯ᠎ᠠ 4 ᠤᠳᠠᠭ᠎ᠠ ᠬᠤᠷᠠᠯᠳᠤᠵᠤ ᠪᠠᠢᠭ᠎ᠠ ᠪᠦᠭᠡᠳ ᠲᠤᠰ ᠤᠳᠠᠭ᠎ᠠ ᠲᠡᠷᠢᠭᠦᠨ ᠨᠦᠭᠥᠳ ᠦᠨ ᠠᠭᠤᠯᠵᠠᠯᠲᠠ ᠨᠢ ᠶᠠᠫᠣᠨ ᠤᠯᠤᠰ ᠲᠤ ᠵᠣᠬᠢᠶᠠᠨ ᠪᠠᠢᠭᠤᠯᠤᠭᠳᠠᠵᠤ᠂ ᠭᠣᠣᠯᠳᠠᠭᠣ ᠰᠡᠭᠦᠯ ᠦᠨ ᠵᠢᠯ ᠦᠳ ᠲᠡᠬᠢ ᠬᠢᠲᠠᠳ ᠤᠨ ᠬᠦᠴᠦ ᠪᠡᠷ ᠭᠠᠳᠠᠭᠰᠢ ᠲᠦᠷᠢᠬᠦ ᠭᠡᠰᠡᠨ ᠣᠷᠤᠯᠳᠤᠯᠭ᠎ᠠ ᠳᠤ ᠠᠪᠬᠤ ᠪᠣᠳᠤᠯᠭ᠎ᠠ ᠪᠠᠨ ᠶᠠᠷᠢᠯᠴᠠᠵᠠᠢ᠃
ᠣᠢᠷ᠎ᠠ ᠳᠤ ᠪᠣᠯᠵᠤ ᠪᠠᠢᠭ᠎ᠠ ᠣᠷᠣᠰ ᠦᠨ ᠦᠺᠷᠠᠢᠨ ᠵᠦᠭ ᠴᠡᠷᠢᠭ ᠢᠶᠡᠷ ᠲᠦᠷᠢᠮᠡᠬᠡᠢᠯᠡᠬᠦ ᠠᠵᠢᠯᠯᠠᠭ᠎ᠠ ᠨᠢ ᠪᠦᠬᠦ ᠳᠡᠯᠡᠬᠡᠢ ᠶᠢᠨ ᠠᠩᠬᠠᠷᠤᠯ ᠤᠨ ᠬᠠᠯᠠᠭᠤᠨ ᠴᠡᠭ ᠪᠣᠯᠵᠤ᠂ ᠣᠯᠠᠨ ᠤᠯᠤᠰ ᠣᠷᠣᠨ ᠤ ᠪᠤᠷᠤᠭᠤᠰᠢᠶᠠᠯ ᠢ ᠬᠦᠷᠲᠡᠵᠦ ᠪᠣᠢ ᠳᠤᠮᠳᠠ᠂ ᠬᠢᠲᠠᠳ ᠤᠨ ᠤᠯᠤᠰ ᠤᠨ ᠳᠤᠲᠤᠭᠠᠳᠤ ᠳᠠᠭᠠᠨ ᠪᠣᠰᠣᠳ ᠦᠨᠳᠦᠰᠦᠲᠡᠨ ᠨᠦᠭᠥᠳ ᠢ ᠤᠰᠠᠳᠬᠠᠨ ᠬᠠᠢᠯᠠᠭᠤᠯᠬᠤ ᠭᠢᠨᠣᠴᠢᠳ᠋ ᠠᠵᠢᠯᠯᠠᠭ᠎ᠠ᠂ ᠵᠢᠴᠢ ᠬᠦᠴᠦ ᠪᠡᠷ ᠭᠠᠳᠠᠭᠰᠢ ᠲᠦᠷᠢᠨ ᠦᠷᠭᠡᠳᠬᠡᠬᠦ ᠪᠣᠳᠤᠯᠭ᠎ᠠ ᠨᠢ ᠬᠠᠷᠢᠨ ᠣᠷᠣᠰ ᠦᠺᠷᠠᠢᠨ ᠤ ᠳᠠᠢᠨ ᠤ ᠭᠠᠯ ᠳᠤ ᠬᠠᠯᠬᠠᠯᠠᠭᠳᠠᠬᠤ ᠪᠠᠢᠳᠠᠯ ᠲᠠᠢ ᠪᠣᠯᠵᠤ ᠢᠷᠡᠭᠰᠡᠨ ᠪᠠᠢᠨ᠎ᠠ᠃ ᠭᠡᠪᠡᠴᠤ ᠬᠢᠲᠠᠳ ᠤᠨ ᠺᠣᠷᠣᠨᠠ ᠸᠢᠷᠦ᠋ᠰ ᠤᠨ ᠬᠣᠣᠷ ᠤᠷᠰᠢᠭ ᠠᠴᠠ ᠪᠣᠯᠵᠤ ᠪᠣᠢ ᠠᠵᠤ ᠠᠬᠤᠢ ᠶᠢᠨ ᠵᠡᠷᠭᠡ ᠣᠯᠠᠨ ᠲᠠᠯ᠎ᠠ ᠳᠤ ᠳᠡᠯᠡᠬᠡᠢ ᠳᠠᠶᠠᠭᠠᠷ ᠬᠢᠮᠤᠷᠠᠯ ᠳᠤ ᠤᠴᠠᠷᠠᠵᠤ ᠪᠠᠢᠬᠤ ᠨᠢ ᠲᠣᠳᠤᠷᠬᠠᠢ ᠪᠦᠭᠡᠳ ᠳᠠᠯᠳᠠᠭᠤᠷ ᠣᠷᠣᠰ ᠢ ᠳᠡᠮᠵᠢᠵᠦ᠂ ᠥᠪᠡᠷᠰᠡᠳ ᠤᠨ ᠬᠦᠴᠦ ᠪᠡᠷ ᠲᠦᠷᠢᠨ ᠥᠷᠭᠡᠳᠬᠡᠬᠦ ᠠᠵᠢᠯᠯᠠᠭ᠎ᠠ ᠪᠡᠨ ᠶᠣᠰᠣᠨ ᠳᠤ ᠨᠡᠢᠴᠡᠭᠰᠡᠨ ᠠᠵᠢᠯᠯᠠᠭ᠎ᠠ ᠪᠣᠯᠭᠠᠬᠤ ᠭᠡᠵᠦ ᠣᠷᠣᠯᠳᠤᠬᠤ ᠬᠣᠷᠣᠨ ᠰᠠᠨᠠᠭ᠎ᠠ ᠨᠢ ᠬᠠᠷᠢᠨ ᠨᠢᠭᠤᠪᠠᠴᠤ ᠨᠢᠷᠤᠭᠤ ᠨᠢ ᠢᠯᠡ ᠭᠡᠳᠡᠭ ᠬᠡᠷᠡᠭ ᠪᠣᠯᠵᠤ ᠪᠣᠢ᠃ ᠶᠠᠭ ᠡᠢᠮᠦᠷᠬᠦ ᠡᠭᠡᠵᠡᠭᠲᠡᠢ ᠦᠶ᠎ᠡ᠂ ᠺᠣᠸᠠᠳ᠋ ᠨᠢ ᠶᠠᠫᠣᠨ ᠳᠤ ᠴᠠᠭ ᠢᠶᠠᠨ ᠣᠯᠵᠤ ᠬᠤᠷᠠᠯᠳᠤᠭᠰᠠᠨ ᠠᠵᠠᠢ᠃
ᠳᠥᠷᠪᠡᠨ ᠤᠯᠤᠰ ᠤᠨ ᠲᠡᠷᠢᠭᠦᠨ ᠦ ᠬᠤᠷᠠᠯ ᠨᠢ 24 ᠦ ᠡᠳᠦᠷ ᠪᠠᠷᠤᠭ ᠪᠦᠬᠦᠯᠢ ᠡᠳᠦᠷᠵᠢᠨ ᠢᠶᠡᠨ ᠬᠤᠷᠠᠯᠳᠤᠭᠰᠠᠨ ᠪᠦᠭᠡᠳ ᠬᠠᠮᠲᠤ ᠶᠢᠨ ᠢᠯᠡᠷᠬᠡᠢᠯᠡᠯᠲᠡ ᠨᠡᠢᠲᠡᠯᠡᠵᠡᠢ᠃
ᠬᠠᠷᠢᠨ ᠫᠠᠷᠯᠠᠮᠸᠨᠲ ᠤᠨ ᠠᠰᠠᠷ ᠤᠨ ᠡᠮᠦᠨᠡᠬᠢ ᠴᠤᠭᠯᠠᠭᠠᠨ ᠢ ᠡᠨᠡᠳᠬᠡᠭ ᠦᠨ Republic ᠲᠸᠯᠸᠢᠰ᠂ Wion ᠲᠸᠯᠸᠢᠰ᠂ Times India ᠲᠧᠯᠸᠢᠰ ᠵᠡᠷᠭᠡ ᠮᠸᠳᠢᠶ᠎ᠠ ᠨᠤᠭᠤᠳ ᠰᠤᠷᠪᠤᠯᠵᠢᠯᠠᠵᠤ ᠪᠠᠢᠵᠠᠢ ( https://www.youtube.com/watch?v=sTK1MFBrPAw )᠃
ᠲᠤᠯᠭ᠎ᠠ ᠮᠡᠳᠡᠭᠡᠯᠡᠪᠡ
2022 ᠣᠨ ᠤ 5 ᠰᠠᠷ᠎ᠠ 26 ᠶᠢᠨ ᠡᠳᠦᠷ