《 ᠠᠩᠬᠠᠳᠤᠭᠠᠷ ᠤᠳᠠᠭᠠᠨ ᠤ ᠠᠷᠢᠽᠠᠸᠠ ᠶᠦᠮᠠ ᠲᠠᠢ ᠬᠠᠮᠲᠤ ᠳᠠᠭᠠᠨ ᠰᠤᠷᠤᠯᠴᠠᠬᠤ ᠬᠤᠷᠠᠯ ᠁ ᠣᠢᠭᠤᠷ᠂ ᠲᠥᠪᠡᠳ᠂ ᠡᠮᠦᠨᠡᠲᠦ ᠮᠣᠩᠭᠣᠯ᠂ ᠬᠣᠩᠺᠣᠩ ᠳᠤ ᠪᠣᠯᠵᠤ ᠪᠠᠢᠭ᠎ᠠ ᠶᠠᠪᠤᠳᠠᠯ ᠤᠳ 》 ᠰᠸᠮᠢᠨᠠᠷ ᠨᠢ 5 ᠳ᠋ᠤᠭᠠᠷ ᠰᠠᠷ᠎ᠠ ᠶᠢᠨ 21 ᠦ ᠡᠳᠦᠷ ᠣᠣᠰᠠᠺᠠ ᠶᠢᠨ ᠰᠦᠶ᠋ᠢᠲᠠ ᠬᠣᠲᠠᠨ ᠳᠤ ᠪᠣᠯᠵᠤ ᠥᠩᠭᠡᠷᠡᠪᠡ᠃
ᠬᠤᠷᠠᠯ ᠢ ᠵᠣᠬᠢᠶᠠᠨ ᠪᠠᠢᠭᠤᠯᠤᠭᠴᠢ ᠰᠦᠶ᠋ᠢᠲ᠋ᠠ ᠬᠣᠲᠠ ᠶᠢᠨ ᠫᠠᠷᠯᠠᠮᠸᠨᠲ ᠤᠨ ᠭᠡᠰᠢᠭᠦᠨ ᠠᠷᠢᠽᠠᠸᠠ ᠶᠦᠮᠠ ᠪᠠᠷ ᠣᠷᠣᠨ ᠨᠤᠲᠤᠭ ᠲᠤ ᠡᠢᠮᠦᠷᠬᠦ ᠬᠦᠮᠦᠨ ᠦ ᠡᠷᠬᠡ ᠪᠡᠷ ᠰᠡᠳᠦᠪᠯᠡᠭᠰᠡᠨ ᠰᠸᠮᠢᠨᠠᠷ ᠢ ᠵᠣᠬᠢᠶᠠᠨ ᠪᠠᠢᠭᠤᠯᠵᠤ ᠪᠠᠢᠭ᠎ᠠ ᠰᠢᠯᠲᠠᠭᠠᠨ ᠢᠶᠠᠨ ᠲᠣᠳᠤᠷᠬᠠᠢᠯᠠᠬᠤ ᠳᠠᠭᠠᠨ 《 ᠬᠦᠮᠦᠨ ᠦ ᠡᠷᠬᠡ ᠶᠢᠨ ᠠᠰᠠᠭᠤᠳᠠᠯ ᠪᠣᠯ ᠬᠦᠮᠦᠨ ᠲᠦᠷᠦᠯᠬᠢᠲᠡᠨ ᠦ ᠬᠠᠮᠲᠤ ᠶᠢᠨ ᠲᠠᠨᠢᠯᠲᠠ ᠪᠣᠯᠬᠤ ᠪᠦᠭᠡᠳ ᠮᠠᠨ ᠤ ᠶᠠᠫᠣᠨᠴᠤᠳ ᠤᠨ ᠪᠣᠳᠤᠵᠤ ᠣᠯᠬᠤ ᠦᠭᠡᠢ᠂ ᠰᠠᠨᠠᠭᠠᠨ ᠳᠤ ᠪᠠᠭᠲᠠᠬᠤ ᠦᠭᠡᠢ ᠬᠦᠮᠦᠨ ᠦ ᠡᠷᠬᠡ ᠶᠢᠨ ᠨᠣᠴᠢᠲᠠᠢ ᠵᠦᠷᠢᠴᠡᠭᠳᠡᠯ ᠨᠢ ᠦᠨᠦᠳᠦᠷ ᠦᠨ ᠠᠽᠢᠶ᠎ᠠ ᠳᠤ ᠡᠳᠦᠷ ᠲᠣᠲᠤᠮ ᠡᠭᠦᠰᠴᠦ ᠪᠣᠢ᠂ ᠲᠤᠰ ᠤᠳᠠᠭᠠᠨ ᠤ ᠣᠷᠣᠰ ᠤᠨ ᠦᠺᠷᠡᠢᠨ ᠳᠦ ᠵᠡᠪᠰᠡᠭᠲᠦ ᠲᠦᠷᠢᠮᠡᠬᠡᠢᠯᠡᠯ ᠬᠢᠵᠦ ᠪᠠᠢᠭ᠎ᠠ ᠠᠰᠠᠭᠤᠳᠠᠯ ᠴᠤ ᠭᠡᠰᠡᠨ ᠪᠢᠳᠡᠨ ᠢ ᠣᠯᠠᠨ ᠵᠦᠢᠯ ᠪᠣᠳᠣᠵᠤ᠂ ᠪᠡᠯᠡᠳᠬᠦ ᠴᠢᠬᠤᠯᠠᠲᠠᠢ ᠭᠡᠰᠡᠨ ᠢ ᠦᠭᠦᠯᠡᠵᠦ ᠪᠣᠢ 》 ᠭᠡᠵᠡᠢ᠃
ᠲᠣᠰ ᠰᠸᠮᠢᠨᠠᠷ ᠲᠤ ᠭᠣᠣᠯ ᠢᠯᠡᠳᠭᠡᠯ ᠬᠢᠭᠰᠡᠨ ᠨᠢ᠂ ᠲᠥᠪᠡᠳ ᠦᠨ ᠷᠢᠨᠴᠢᠨ᠂ ᠡᠮᠦᠨᠡᠲᠦ ᠮᠣᠩᠭᠣᠯ ᠤᠨ ᠠᠷᠴᠠ ᠪᠣᠯᠣᠨ ᠬᠣᠩᠺᠣᠩ ᠤᠨ ᠺᠦᠷᠢᠰ ᠭᠤᠷᠪᠠ ᠪᠠᠢᠯ᠎ᠠ᠃ ᠷᠢᠨᠴᠢᠨ ᠭᠤᠸᠠᠢ 《 ᠲᠥᠪᠡᠳ ᠡᠬᠡ ᠣᠷᠣᠨ ᠢᠶᠠᠨ ᠠᠯᠳᠠᠵᠤ ᠬᠠᠷᠢ ᠣᠷᠣᠨ ᠢᠶᠠᠷ ᠲᠡᠨᠦᠭᠦᠴᠢᠯᠡᠵᠦ ᠪᠠᠢᠭ᠎ᠠ ᠬᠡᠳᠦᠢ ᠴᠤ ᠪᠢᠳᠡᠨ ᠦ ᠰᠡᠳᠭᠢᠯ ᠳᠦ ᠡᠬᠡ ᠣᠷᠣᠨ ᠮᠠᠨᠢ ᠮᠥᠩᠬᠡ ᠣᠷᠣᠰᠢᠳᠠᠭ 》 ᠭᠡᠰᠡᠨ ᠪᠣᠯ᠂ ᠺᠦᠷᠢᠰ ᠡᠴᠡ 《 ᠬᠣᠩᠺᠣᠩ ᠨᠢ ᠶᠠᠪᠤᠬᠤ ᠲᠣᠳᠤᠮ ᠡᠷᠬᠡ ᠴᠢᠯᠦᠭᠡ ᠪᠡᠨ ᠠᠯᠳᠠᠵᠤ ᠪᠠᠢᠭ᠎ᠠ ᠥᠨᠥᠳᠥᠷ᠂ ᠶᠠᠫᠣᠨ ᠤ ᠬᠦᠮᠦᠨ ᠦ ᠡᠷᠬᠡ ᠶᠢᠨ ᠲᠥᠯᠥᠭᠡ ᠢᠯᠡᠭᠦᠦ ᠶᠠᠷᠢᠵᠤ ᠬᠦᠳᠡᠯᠵᠦ ᠪᠠᠢᠬᠤ ᠶᠢ ᠬᠦᠰᠡᠨ᠎ᠡ 》 ᠭᠡᠵᠡᠢ᠃
ᠡᠮᠦᠨᠡᠲᠦ ᠮᠣᠩᠭᠣᠯ ᠤᠨ ᠶᠡᠬᠡ ᠬᠤᠷᠠᠯᠳᠠᠢ ᠶᠢᠨ ᠶᠡᠷᠦᠩᠬᠡᠢ ᠨᠠᠷᠢᠨ ᠪᠢᠴᠢᠭ ᠦᠨ ᠳᠠᠷᠤᠭ᠎ᠠ ᠳ᠋ᠣᠺᠲ᠋ᠣᠷ ᠠᠷᠴᠠ 《 ᠡᠮᠦᠨᠡᠲᠦ ᠮᠣᠩᠭᠣᠯ ᠳᠤ ᠪᠣᠯᠵᠤ ᠪᠠᠢᠭ᠎ᠠ ᠤᠴᠢᠷ ᠁ ᠪᠠᠢᠭᠠᠯᠢ᠂ ᠬᠦᠮᠦᠨ ᠦ ᠡᠷᠬᠡ᠂ ᠬᠡᠯᠡ ᠁ ᠰᠡᠳᠦᠪ ᠢᠶᠡᠷ ᠢᠯᠡᠳᠭᠡᠯ ᠬᠢᠵᠡᠢ᠃ ᠲᠡᠷᠡ ᠪᠡᠷ ᠡᠮᠦᠨᠡᠲᠦ ᠮᠣᠩᠭᠣᠯ ᠭᠡᠳᠡᠭ ᠦᠨ ᠰᠢᠯᠲᠠᠭᠠᠨ ᠢ ᠭᠠᠵᠠᠷ ᠤᠨ ᠵᠢᠷᠤᠭ᠂ ᠲᠡᠦᠬᠡ ᠵᠡᠷᠭᠡ ᠪᠠᠷᠢᠮᠲᠠ ᠪᠠᠷ ᠲᠣᠪᠴᠢᠬᠠᠨ ᠥᠭᠥᠯᠡᠭᠰᠡᠨ ᠦ ᠪᠡᠨ ᠳᠠᠷᠠᠭ᠎ᠠ᠂ ᠪᠠᠢᠭᠠᠯᠢ ᠣᠷᠴᠢᠨ ᠤ ᠲᠠᠯᠬᠢᠭᠳᠠᠨ ᠴᠦᠯᠵᠢᠵᠦ ᠪᠠᠢᠭ᠎ᠠ ᠪᠠᠢᠳᠠᠯ᠂ ᠰᠢᠯᠲᠠᠭᠠᠨ ᠵᠢᠴᠢ ᠲᠡᠭᠦᠨ ᠦ ᠦᠷ᠎ᠡ ᠳᠠᠭᠠᠪᠤᠷᠢ ᠵᠡᠷᠭᠡ ᠶᠢ ᠵᠢᠷᠤᠭ ᠦᠵᠡᠭᠦᠯᠦᠨ ᠲᠣᠭᠠᠴᠠᠭᠰᠠᠨ ᠤ ᠪᠠᠨ ᠳᠠᠷᠠᠭ᠎ᠠ᠂ ᠬᠦᠮᠦᠨ ᠦ ᠡᠷᠬᠡ ᠶᠢᠨ ᠨᠣᠴᠢᠲᠠᠢ ᠵᠦᠷᠢᠴᠡᠭᠳᠡᠵᠦ ᠪᠠᠢᠭ᠎ᠠ ᠪᠠᠢᠳᠠᠯ᠂ ᠵᠢᠴᠢ ᠪᠠᠭ᠎ᠠ ᠳᠤᠮᠳᠠᠳᠤ ᠰᠤᠷᠭᠠᠭᠤᠯᠢ ᠶᠢᠨ ᠬᠡᠦᠬᠡᠳ ᠲᠦ ᠬᠢᠲᠠᠳ ᠢᠶᠠᠷ ᠭᠣᠣᠯᠲᠠᠢ ᠬᠢᠴᠢᠶᠡᠯᠯᠡᠬᠦ ᠪᠣᠯᠣᠭᠰᠠᠨ ᠪᠠᠢᠳᠠᠯ ᠵᠡᠷᠭᠡ ᠬᠢᠲᠠᠳ ᠤᠨ ᠵᠠᠰᠠᠭ ᠤᠨ ᠤᠰᠠᠳᠬᠤ ᠪᠣᠳᠣᠯᠭ᠎ᠠ ᠬᠦᠴᠦᠲᠡᠢ ᠶᠠᠪᠤᠭᠳᠠᠵᠤ ᠪᠠᠢᠭ᠎ᠠ ᠶᠢ ᠲᠠᠨᠢᠯᠴᠠᠭᠤᠯᠵᠠᠢ᠃
ᠰᠸᠮᠢᠨᠠᠷ ᠳᠤ ᠤᠤᠯ ᠤᠨ ᠲᠥᠰᠥᠭᠡᠯᠡᠵᠦ ᠪᠠᠢᠭᠰᠠᠨ ᠠᠴᠠ ᠪᠠᠨ ᠲᠠᠬᠢᠨ ᠢᠶᠠᠷ ᠢᠯᠡᠭᠦᠦ ᠵᠠᠭᠤ ᠭᠠᠷᠤᠢ ᠬᠦᠮᠦᠨ ᠢᠷᠡᠭᠰᠡᠨ ᠪᠥᠭᠡᠳ ᠾᠢᠷᠠᠭᠠᠲ᠋ᠠ᠂ ᠮᠢᠨᠣᠣ ᠵᠡᠷᠭᠡ ᠬᠣᠲᠠ ᠶᠢᠨ ᠫᠠᠷᠯᠠᠮᠸᠨᠲ ᠬᠡᠰᠡᠭ ᠭᠡᠰᠢᠭᠦᠳ ᠴᠤ ᠣᠷᠣᠯᠴᠠᠭᠰᠠᠨ ᠪᠠᠢᠨ᠎ᠠ᠃ ᠪᠠᠰᠠ ᠨᠡᠷᠡᠲᠦ ᠰᠡᠳᠭᠦᠯᠴᠢ ᠷᠣᠪᠠᠲ᠋ᠣ᠋ ᠡᠸ᠋ᠷᠣᠳᠢᠷᠢᠳᠴᠢ ( ᠠᠮᠧᠷᠢᠺᠠ ) ᠴᠤ ᠬᠦᠷᠦᠯᠴᠡᠨ ᠢᠷᠡᠵᠦ ᠦᠭᠡ ᠶᠠᠷᠢᠭᠰᠠᠨ ᠪᠠᠢᠨ᠎ᠠ᠃ ᠲᠡᠷᠡ ᠬᠡᠯᠡᠬᠦ ᠳᠡᠬᠡᠨ 《 ᠥᠨᠥᠳᠥᠷ ᠮᠠᠰᠢ ᠤᠳᠬ᠎ᠠ ᠠᠭᠤᠯᠭ᠎ᠠ ᠲᠠᠢ ᠬᠤᠷᠠᠯ ᠪᠣᠯᠣᠯ᠎ᠠ᠂ ᠪᠢ ᠴᠤ ᠥᠪᠡᠷ ᠢ ᠪᠡᠨ ᠨᠡᠯᠢᠶᠡᠳ ᠰᠠᠢᠨ ᠰᠤᠷᠤᠯᠴᠠᠵᠤ ᠪᠣᠢ ᠭᠡᠵᠦ ᠰᠠᠨᠠᠵᠤ ᠪᠠᠢᠭᠰᠠᠨ ᠪᠣᠯᠪᠠᠴᠤ ᠥᠨᠥᠳᠥᠷ ᠦᠨ ᠢᠯᠡᠳᠭᠡᠯ ᠦᠳ ᠢ ᠰᠣᠨᠣᠰᠤᠭᠠᠳ ᠪᠠᠰᠠ ᠪᠣᠯᠣᠭ᠎ᠠ ᠦᠭᠡᠢ ᠪᠠᠢᠨ᠎ᠠ ᠭᠡᠳᠡᠭ ᠢᠶᠡᠨ ᠮᠡᠳᠡᠯ᠎ᠡ᠃ ᠮᠠᠰᠢ ᠣᠯᠠᠨ ᠵᠦᠢᠯ ᠣᠢᠯᠠᠭᠠᠨ ᠮᠡᠳᠡᠭᠰᠡᠨ ᠪᠠᠢᠨ᠎ᠠ᠃ ᠦᠨᠡᠨᠳᠡᠭᠡᠨ ᠶᠠᠫᠣᠨ ᠤ ᠬᠤᠪᠢ ᠳᠤ ᠠᠪᠴᠤ ᠦᠵᠡᠭᠰᠡᠨ ᠴᠤ ᠡᠨᠡ ᠪᠣᠯ ᠬᠠᠮᠢᠶ᠎ᠠ ᠦᠭᠡᠢ ᠤᠴᠢᠷ ᠣᠭᠲᠣᠬᠠᠨ ᠴᠤ ᠪᠢᠰᠢ᠃ ᠠᠶᠤᠯᠭᠦᠢ ᠶᠢᠨ ᠪᠠᠢᠳᠠᠯ᠂ ᠡᠳ᠋ ᠦᠨ ᠵᠠᠰᠠᠭ ᠤᠨ ᠠᠰᠠᠭᠤᠳᠠᠯ ᠵᠡᠷᠭᠡ ᠶᠢ ᠭᠢᠣᠫᠣᠯᠢᠲ᠋ᠢᠺ ( GEOPOIITICS ) ᠦᠨ ᠡᠭᠦᠳᠡᠨ ᠬᠠᠷᠠᠬᠤ ᠳᠦ ᠬᠢᠷᠢ ᠴᠢᠬᠤᠯᠠ ᠪᠣᠯᠬᠤ ᠨᠢ ᠣᠢᠯᠠᠭᠠᠮᠵᠢᠲᠠᠢ᠃ ᠬᠢᠲᠠᠳ ᠲᠤ ᠶᠠᠷᠢᠶ᠎ᠠ ᠬᠡᠯᠡᠯᠴᠡᠭᠡᠨ ᠦ ᠡᠷᠬᠡ ᠴᠢᠯᠦᠭᠡ ᠭᠡᠵᠦ ᠪᠠᠢᠬᠤ ᠦᠭᠡᠢ ᠲᠤᠯᠠ ᠪᠦᠬᠦ ᠵᠦᠢᠯ ᠳᠦ ᠮᠠᠷᠭᠤᠬᠤ᠂ ᠨᠢᠴᠤᠭᠠᠬᠤ ᠪᠣᠯᠣᠮᠵᠢ ᠦᠭᠡᠢ ᠪᠣᠯᠣᠨ᠎ᠠ᠂ ᠡᠨᠡ ᠨᠢ ᠮᠠᠰᠢ ᠠᠶᠤᠯᠲᠠᠢ ᠵᠦᠢᠯ ᠦ ᠢ ᠪᠣᠢ ᠪᠣᠯᠭᠠᠨ᠎ᠠ 》 ᠭᠡᠵᠡᠢ᠃
ᠬᠠᠮᠤᠭ ᠰᠡᠭᠦᠯ ᠳᠦ ᠨᠢ ᠲᠤᠰ ᠤᠳᠠᠭᠠᠨ ᠤ ᠰᠸᠮᠢᠨᠠᠷ ᠢ ᠵᠣᠬᠢᠶᠠᠨ ᠪᠠᠢᠭᠤᠯᠤᠭᠰᠠᠨ ᠠᠷᠢᠽᠠᠸᠠ ᠶᠦᠮᠠ ᠠᠴᠠ 《 ᠶᠠᠫᠣᠨ ᠤᠯᠠᠮ ᠢᠯᠡᠭᠦᠦ ᠬᠦᠴᠦᠷᠬᠡᠭ ᠪᠣᠯᠵᠤ᠂ ᠠᠽᠢᠶ᠎ᠠ ᠶᠢᠨ ᠠᠷᠠᠳᠴᠢᠯᠠᠯ ᠡᠩᠬᠡ ᠲᠠᠢᠪᠤᠩ ᠤᠨ ᠳᠠᠭᠠᠭᠤᠯᠤᠭᠴᠢ ᠪᠣᠯᠣᠮᠠᠷ ᠪᠠᠢᠨ᠎ᠠ᠃ ᠬᠢᠲᠠᠳ ᠲᠤ ᠳᠠᠷᠤᠯᠠᠭᠳᠠᠵᠤ ᠪᠠᠢᠭ᠎ᠠ ᠦᠨᠳᠦᠰᠦᠲᠡᠨ ᠦ ᠬᠦᠮᠦᠨ ᠦ ᠡᠷᠬᠡ ᠶᠢᠨ ᠠᠰᠠᠭᠤᠳᠠᠯ ᠢ ᠦᠷᠭᠦᠯᠵᠢᠯᠡᠨ ᠰᠤᠷᠤᠯᠴᠠᠬᠤ ᠪᠣᠯᠣᠨ᠎ᠠ 》 ᠭᠡᠪᠡ᠃
2022 ᠣᠨ ᠤ 5 ᠰᠠᠷ᠎ᠠ ᠶᠢᠨ 22 ᠦ ᠡᠳᠦᠷ
ᠲᠤᠯᠭ᠎ᠠ ᠮᠡᠳᠡᠭᠡᠯᠡᠪᠡ