《 5.11 ᠡᠮᠦᠨᠡᠲᠦ ᠮᠣᠩᠭᠣᠯ ᠢ ᠳᠡᠮᠵᠢᠬᠦ ᠳᠡᠯᠡᠬᠡᠢ ᠶᠢᠨ ᠡᠳᠦᠷ 》 ᠤᠨ ᠢᠯᠡᠷᠬᠡᠢᠯᠡᠯᠲᠡ
ᠬᠢᠲᠠᠳ ᠤᠨ ᠵᠠᠰᠠᠭ ᠨᠢ ᠡᠮᠦᠨᠡᠲᠦ ᠮᠣᠩᠭᠣᠯ ᠳᠤ ᠶᠠᠪᠤᠭᠤᠯᠵᠤ ᠪᠠᠢᠭ᠎ᠠ
ᠭᠢᠨᠣᠴᠢᠳ ( GENOCIDE ) ᠪᠣᠳᠤᠯᠭ᠎ᠠ ᠪᠠᠨ ᠵᠣᠭᠰᠣᠭ᠎ᠠ
2011 ᠣᠨ ᠤ 5 ᠳ᠋ᠤᠭᠠᠷ ᠰᠠᠷ᠎ᠠ ᠶᠢᠨ 11 ᠦ ᠡᠳᠦᠷ᠂ ᠦᠵᠦᠮᠦᠴᠢᠨ ᠵᠠᠯᠠᠭᠣ ᠮᠡᠷᠭᠡᠨ ᠪᠡᠷ ᠮᠣᠩᠭᠣᠯᠴᠣᠳ ᠤᠨ ᠠᠮᠢᠳᠤᠷᠠᠯ ᠤᠨ ᠦᠨᠳᠦᠰᠦ ᠪᠣᠯᠣᠭᠰᠠᠨ ᠪᠡᠯᠴᠢᠭᠡᠷ ᠨᠤᠲᠤᠭ ᠬᠠᠮᠠᠭᠠᠯᠠᠬᠤ ᠶᠢᠨ ᠲᠥᠯᠥᠭᠡ᠂ ᠬᠢᠲᠠᠳ ᠤᠨ ᠵᠠᠰᠠᠭ ᠤᠨ ᠪᠣᠳᠣᠯᠭ᠎ᠠ ᠳᠣᠣᠷ᠎ᠠ ᠶᠠᠪᠤᠭᠳᠠᠵᠤ ᠪᠠᠢᠭ᠎ᠠ ᠠᠭᠤᠷᠬᠠᠢ ᠮᠠᠯᠲᠠᠬᠤ ᠬᠢᠲᠠᠳ ᠲᠤ ᠵᠡᠷᠯᠢᠭ ᠢᠶᠡᠷ ᠬᠥᠨᠥᠭᠡᠭᠳᠡᠭᠰᠡᠨ ᠪᠢᠯᠡ᠃ ᠬᠢᠲᠠᠳ ᠤᠨ ᠵᠠᠰᠠᠭ ᠤᠨ ᠡᠮᠦᠨᠡᠲᠦ ᠮᠣᠩᠭᠣᠯ ᠣᠷᠣᠨ ᠳᠤ ᠶᠠᠪᠤᠭᠤᠯᠵᠤ ᠪᠠᠢᠭ᠎ᠠ ᠭᠢᠨᠣᠴᠢᠳ ( ᠬᠣᠮᠣᠷᠭᠠᠯᠠᠨ ᠬᠢᠲᠤᠬᠤ ) ᠪᠣᠳᠣᠯᠭ᠎ᠠ ᠶᠢ ᠡᠷᠡᠰ ᠡᠰᠡᠷᠭᠦᠴᠡᠨ᠂ ᠥᠨᠥᠳᠥᠷ ᠪᠢᠳᠡ ᠡᠰᠡᠷᠭᠦᠴᠡᠯ ᠦᠨ ᠢᠯᠡᠷᠬᠡᠢᠯᠡᠯᠲᠡ ᠶᠢ ᠨᠡᠢᠲᠡᠯᠡᠵᠦ ᠪᠠᠢᠨ᠎ᠠ᠃
ᠪᠦᠭᠦᠳᠡ ᠨᠠᠢᠷᠠᠮᠳᠠᠬᠤ ᠬᠢᠲᠠᠳ ᠠᠷᠠᠳ ᠤᠯᠤᠰ ᠨᠢ ᠳᠡᠯᠡᠬᠡᠢ ᠶᠢᠨ ᠬᠣᠶᠠᠳᠤᠭᠠᠷ ᠳᠠᠢᠨ ᠤ ᠳᠠᠷᠠᠭ᠎ᠠ ᠡᠮᠦᠨᠡᠲᠦ ᠮᠣᠩᠭᠣᠯ ᠣᠷᠣᠨ ᠢ ᠡᠵᠡᠯᠡᠨ ᠲᠦᠷᠢᠮᠡᠬᠡᠢᠯᠡᠵᠦ᠂ ᠭᠢᠨᠣᠴᠢᠳ ᠪᠣᠳᠣᠯᠭ᠎ᠠ ᠪᠠᠨ ᠶᠠᠪᠤᠭᠤᠯᠤᠭᠰᠠᠭᠠᠷ ᠢᠷᠡᠪᠡ᠃ ᠮᠣᠩᠭᠣᠯᠴᠣᠳ ᠤᠨ ᠤᠯᠠᠮᠵᠢᠯᠠᠯᠲᠤ ᠠᠮᠢᠳᠤᠷᠠᠯ ᠤᠨ ᠬᠡᠪ ᠵᠠᠩᠰᠢᠯ᠂ ᠰᠢᠲᠦᠯᠭᠡ ᠪᠢᠰᠢᠷᠡᠯ ᠪᠣᠯᠣᠨ ᠦᠨᠳᠦᠰᠦᠲᠡᠨ ᠦ ᠰᠣᠶᠣᠯ ᠵᠡᠷᠭᠡ ᠨᠢ ᠦᠭᠡᠢᠰᠬᠡᠭᠳᠡᠨ᠂ ᠲᠠᠯ᠎ᠠ ᠨᠤᠲᠤᠭ ᠢ ᠶᠣᠰᠣ ᠪᠤᠰᠤ ᠪᠠᠷ ᠬᠠᠭᠠᠯᠪᠤᠷᠢᠯᠠᠨ ᠡᠯᠡᠰᠦᠷᠬᠡᠭᠵᠢᠯ ᠴᠦᠯᠵᠢᠯ ᠢ ᠲᠦᠷᠭᠡᠳᠬᠡᠵᠡᠢ᠃ ᠰᠣᠶᠣᠯ ᠤᠨ ᠶᠡᠬᠡ ᠬᠤᠪᠢᠰᠬᠠᠯ ᠤᠨ ᠳᠤᠮᠳᠠ ᠪᠦᠷ ᠴᠤ ᠵᠥᠪᠬᠡᠨ 《 ᠮᠣᠩᠭᠣᠯ ᠬᠦᠮᠦᠨ 》 ᠭᠡᠳᠡᠭ ᠨᠢ ᠶᠠᠯᠠᠯᠠᠬᠤ ᠶᠢᠨ ᠦᠨᠳᠦᠰᠦᠯᠡᠯ ᠪᠣᠯᠵᠤ᠂ ᠮᠣᠩᠭᠣᠯᠴᠣᠳ ᠲᠤ ᠶᠡᠬᠡ ᠬᠡᠮᠵᠢᠶᠡᠨ ᠦ ᠪᠠᠷᠢᠪᠴᠢᠯᠠᠭ᠎ᠠ᠂ ᠲᠠᠮᠤᠯᠠᠯ ᠪᠣᠯᠣᠨ ᠬᠢᠲᠤᠯᠭ᠎ᠠ ᠶᠠᠪᠤᠭᠤᠯᠤᠭᠰᠠᠨ ᠪᠠᠢᠪᠠ᠃ ᠡᠨᠡ ᠨᠢ ᠮᠣᠩᠭᠣᠯᠴᠤᠳ ᠤᠨ ᠲᠡᠦᠬᠡᠨ ᠳᠦ ᠤᠷᠢᠳ ᠡᠮᠦᠨ᠎ᠡ ᠭᠠᠷᠤᠭ᠎ᠠ ᠦᠭᠡᠢ ᠭᠢᠨᠣᠴᠢᠳ ᠠᠵᠢᠯᠯᠠᠭ᠎ᠠ ᠪᠣᠯᠣᠭᠰᠠᠨ ᠪᠠᠢᠨ᠎ᠠ᠃ ᠡᠭᠦᠨ ᠦ ᠳ᠋ᠦᠩ ᠳᠦ ᠬᠡᠳᠦᠨ ᠠᠷᠪᠠᠨ ᠲᠦᠮᠡᠨ ᠮᠣᠩᠭᠣᠯᠴᠤᠳ ᠠᠯᠠᠭᠳᠠᠨ ᠰᠢᠷᠬᠠᠲᠤᠵᠤ᠂ 100 ᠲᠦᠮᠡᠨ ᠮᠣᠩᠭᠣᠯᠴᠤᠳ ᠬᠠᠷᠭᠢᠰᠯᠠᠯ ᠳᠤ ᠥᠷᠲᠥᠨ᠂ ᠪᠡᠶ᠎ᠡ ᠰᠡᠳᠭᠢᠯ ᠳᠦ ᠨᠢ ᠰᠢᠷᠬ᠎ᠠ ᠰᠣᠷᠪᠢ ᠲᠡᠢ ᠦᠯᠡᠳᠡᠵᠡᠢ᠃
ᠬᠢᠲᠠᠳ ᠤᠨ ᠺᠣᠮᠮᠦᠨᠢᠰᠲ ᠵᠠᠰᠠᠭ ᠨᠢ ᠡᠮᠦᠨᠡᠲᠦ ᠮᠣᠩᠭᠣᠯᠴᠤᠳ ᠤᠨ ᠵᠥᠪᠬᠡᠨ ᠠᠮᠢ ᠨᠠᠰᠤ ᠶᠢ ᠨᠢ ᠬᠥᠨᠥᠭᠡᠨ ᠬᠣᠷᠣᠭᠠᠭᠠᠳ ᠵᠣᠭᠰᠣᠭ᠎ᠠ ᠦᠭᠡᠢ᠂ ᠡᠷᠲᠡ ᠳᠡᠭᠡᠷ᠎ᠡ ᠦᠶ᠎ᠡ ᠡᠴᠡ ᠪᠡᠨ ᠦᠶ᠎ᠡ ᠤᠯᠠᠷᠢᠨ ᠠᠮᠢᠳᠤᠷᠠᠨ ᠡᠵᠡᠩᠨᠡᠭᠰᠡᠭᠡᠷ ᠢᠷᠡᠭᠰᠡᠨ ᠨᠤᠲᠤᠭ ᠪᠡᠯᠴᠢᠭᠡᠷ ᠢ ᠬᠠᠭᠠᠯᠪᠤᠷᠢᠯᠠᠨ ᠲᠠᠷᠢᠶᠠᠯᠠᠵᠤ ᠂ ᠪᠠᠢᠭᠠᠯᠢ ᠶᠢᠨ ᠪᠠᠶᠠᠯᠢᠭ ᠭᠠᠷᠤᠯᠲᠠ ᠶᠢ ᠬᠦᠴᠦ ᠪᠡᠷ ᠮᠠᠯᠲᠠᠨ ᠣᠯᠪᠣᠷᠢᠯᠠᠵᠤ᠂ ᠡᠮᠬᠢ ᠵᠠᠮᠪᠠᠷᠠᠭ᠎ᠠ ᠦᠭᠡᠢ ᠨᠡᠭᠡᠭᠡᠨ ᠠᠰᠢᠭᠯᠠᠭᠰᠠᠨ ᠠᠴᠠ ᠪᠣᠯᠵᠤ ᠪᠠᠶᠠᠯᠢᠭ ᠰᠠᠢᠬᠠᠨ ᠡᠮᠦᠨᠡᠲᠦ ᠮᠣᠩᠭᠣᠯ ᠨᠤᠲᠤᠭ ᠮᠢᠨᠢ ᠡᠯᠡᠰᠦᠷᠬᠡᠭᠵᠢᠨ ᠴᠦᠯᠵᠢᠵᠡᠢ᠃ ᠡᠮᠦᠨᠡᠲᠦ ᠮᠣᠩᠭᠣᠯᠴᠤᠳ ᠪᠢᠳᠡᠨ ᠦ ᠠᠮᠢᠳᠤᠷᠠᠯ ᠤᠨ ᠣᠷᠴᠢᠨ ᠮᠠᠨᠢ ᠢᠩᠭᠢᠵᠦ ᠬᠢᠲᠠᠳ ᠤᠨ ᠵᠠᠰᠠᠭ᠂ ᠠᠵᠤ ᠠᠬᠤᠢᠯᠠᠯ ᠪᠣᠯᠣᠨ ᠨᠡᠭᠦᠨ ᠢᠷᠡᠭᠰᠡᠨ ᠬᠢᠲᠠᠳ ᠬᠦᠮᠦᠰ ᠡᠴᠡ ᠪᠣᠯᠵᠤ ᠡᠪᠳᠡᠭᠳᠡᠨ ᠰᠦᠢᠳᠭᠡᠭᠳᠡᠭᠰᠡᠨ ᠶᠤᠮ᠃
ᠲᠡᠭᠦᠪᠡᠷ ᠥᠯᠥ ᠪᠠᠷᠠᠨ᠂ ᠡᠮᠦᠨᠡᠲᠦ ᠮᠣᠩᠭᠣᠯᠴᠤᠳ ᠲᠤ ᠴᠣᠷ ᠤᠨ ᠭᠠᠭᠴᠠ ᠥᠪᠡᠷ ᠦᠨ ᠬᠢᠨ ᠬᠡᠮᠡᠨ ᠦᠯᠡᠳᠡᠵᠦ ᠪᠠᠢᠭᠰᠠᠨ ᠡᠬᠡ ᠬᠡᠯᠡ ᠪᠡᠨ ᠴᠤ ᠪᠤᠯᠢᠶᠠᠭᠳᠠᠵᠠᠢ᠃ 2020 ᠣᠨ ᠤ 9 ᠳ᠋ᠦ᠋ᠭᠡᠷ ᠰᠠᠷ᠎ᠠ ᠠᠴᠠ ᠡᠬᠢᠯᠡᠨ᠂ ᠤᠤᠯ ᠨᠢ ᠮᠣᠩᠭᠣᠯ ᠡᠬᠡ ᠬᠡᠯᠡ ᠪᠡᠷ ᠢᠶᠡᠨ ᠰᠤᠷᠴᠤ ᠪᠠᠢᠭᠰᠠᠨ ᠮᠣᠩᠭᠣᠯ ᠪᠠᠭ᠎ᠠ ᠳᠤᠮᠳᠠᠳᠤ ᠰᠤᠷᠭᠠᠭᠤᠯᠢ ᠶᠢᠨ ᠬᠡᠦᠬᠡᠳ ᠨᠢ ᠭᠣᠣᠯ ᠬᠢᠴᠢᠶᠡᠯ ᠲᠥᠷᠥᠯ ᠢᠶᠡᠨ ᠪᠦᠬᠦᠨ ᠢ ᠬᠢᠲᠠᠳ ᠢᠶᠠᠷ ᠰᠤᠷᠬᠤ ᠦᠭᠡᠢ ᠪᠣᠯ ᠪᠣᠯᠬᠤ ᠦᠭᠡᠢ ᠪᠣᠯᠤᠭᠰᠠᠨ ᠪᠠᠢᠨ᠎ᠠ᠃ ᠣᠳᠣ ᠪᠣᠯᠬᠤ ᠳᠤ ᠮᠣᠩᠭᠣᠯ ᠴᠡᠴᠡᠷᠯᠢᠭ ᠦᠨ ᠬᠡᠦᠬᠡᠳ ᠲᠤ ᠬᠦᠷᠲᠡᠯ᠎ᠡ ᠪᠦᠷ ᠬᠢᠲᠠᠳ ᠪᠠᠷ ᠵᠢᠭᠠᠬᠤ ᠪᠣᠯᠭᠠᠭᠰᠠᠨ ᠪᠠᠢᠨ᠎ᠠ᠃ ᠨᠢᠭᠡ ᠦᠨᠳᠦᠰᠦᠲᠡᠨ ᠦ ᠬᠡᠯᠡ ᠶᠢ ᠤᠰᠠᠳᠬᠠᠬᠤ ᠭᠡᠳᠡᠭ ᠨᠢ ᠲᠡᠷᠡ ᠦᠨᠳᠦᠰᠦᠲᠡᠨ ᠦ ᠠᠮᠢᠨ ᠰᠦᠨᠡᠰᠦ ᠶᠢ ᠨᠢ ᠤᠰᠠᠳᠬᠠᠵᠤ ᠪᠠᠢᠭ᠎ᠠ ᠭᠡᠰᠡᠨ ᠶᠠᠪᠤᠳᠠᠯ ᠪᠣᠯᠬᠤ ᠶᠤᠮ᠃ ᠮᠦᠨ ᠴᠤ ᠲᠡᠷᠡ ᠦᠨᠳᠦᠰᠦᠲᠡᠨ ᠦ ᠰᠣᠶᠣᠯ ᠢᠷᠭᠡᠨᠰᠢᠯ ᠢ ᠪᠦᠬᠦ ᠲᠠᠯ᠎ᠠ ᠪᠠᠷ ᠦᠭᠡᠢᠰᠬᠡᠨ ᠤᠰᠠᠳᠬᠠᠵᠤ ᠪᠠᠢᠭ᠎ᠠ ᠶᠠᠪᠤᠳᠠᠯ ᠪᠣᠯᠬᠤ ᠶᠤᠮ᠃ ᠡᠨᠡ ᠪᠣᠯ ᠨᠡᠷ᠎ᠡ ᠨᠢᠳᠡᠷ ᠲᠡᠬᠡᠨ ᠨᠡᠢᠴᠡᠭᠰᠡᠨ ᠰᠣᠶᠣᠯ ᠤᠨ ᠭᠢᠨᠣᠴᠢᠳ ᠪᠣᠯᠤᠨ᠎ᠠ᠃
ᠣᠳᠣᠬᠠᠨ ᠳᠤ ᠣᠷᠣᠰ ᠠᠴᠠ ᠦᠺᠷᠡᠢᠨ ᠳᠦ ᠶᠠᠪᠤᠭᠤᠯᠵᠤ ᠪᠠᠢᠭ᠎ᠠ ᠵᠡᠪᠰᠡᠭᠲᠦ ᠲᠦᠷᠢᠮᠡᠬᠡᠢᠯᠡᠯ ᠨᠢ ᠳᠡᠯᠡᠬᠡᠢ ᠶᠢᠨ ᠣᠯᠠᠨ ᠤᠯᠤᠰ ᠣᠷᠣᠨ ᠤ ᠴᠢᠩᠭ᠎ᠠ ᠬᠠᠲᠠᠭᠤ ᠵᠢᠮᠡᠯᠡᠯ ᠪᠤᠷᠤᠭᠤᠰᠢᠶᠠᠯ ᠳᠦ ᠦᠷᠲᠦᠵᠦ ᠪᠠᠢᠨ᠎ᠠ᠃ ᠵᠡᠪᠰᠡᠭᠲᠦ ᠲᠦᠷᠢᠮᠡᠬᠡᠢᠯᠡᠯ ᠪᠣᠯᠣᠨ ᠡᠩ ᠦᠨ ᠢᠷᠭᠡᠳ ᠢ ᠬᠢᠲᠤᠬᠤ ᠣᠷᠣᠰ ᠤᠨ ᠫᠦᠲ᠋ᠢᠨ ᠦ ᠵᠠᠰᠠᠭ ᠤᠨ ᠭᠠᠵᠠᠷ ᠨᠢ ᠵᠢᠮᠡᠯᠡᠯ ᠪᠤᠷᠤᠭᠤᠰᠢᠶᠠᠯ ᠳᠤ ᠦᠷᠲᠦᠬᠦ ᠨᠢ ᠭᠠᠷᠴᠠᠭ᠎ᠠ ᠦᠭᠡᠢ᠃ ᠡᠭᠦᠨ ᠲᠠᠢ ᠠᠳᠠᠯᠢᠬᠠᠨ ᠢᠶᠠᠷ᠂ ᠡᠮᠦᠨᠡᠲᠦ ᠮᠣᠩᠭᠣᠯᠴᠤᠳ ᠤᠨ ᠠᠮᠢ ᠨᠠᠰᠤ᠂ ᠠᠮᠢᠳᠤᠷᠠᠯ ᠤᠨ ᠣᠷᠴᠢᠨ᠂ ᠲᠡᠭᠦᠪᠡᠷ ᠪᠠᠷᠠᠬᠤ ᠦᠭᠡᠢ ᠡᠬᠡ ᠬᠡᠯᠡ ᠪᠣᠯᠣᠨ ᠰᠣᠶᠣᠯ ᠵᠡᠷᠭᠡ ᠪᠦᠬᠦ ᠵᠦᠢᠯ ᠢ ᠨᠢ ᠤᠰᠠᠳᠬᠠᠬᠤ ᠭᠢᠨᠣᠴᠢᠳ ᠪᠣᠳᠣᠯᠭ᠎ᠠ ᠶᠠᠪᠤᠭᠤᠯᠵᠤ ᠪᠠᠢᠭ᠎ᠠ ᠰᠢ ᠵᠢᠨ ᠫᠢᠩ ᠦᠨ ᠺᠣᠮᠮᠦᠨᠢᠰᠲ ᠵᠠᠰᠠᠭ ᠲᠤ ᠴᠤ 《 ᠭᠢᠨᠣᠴᠢᠳ ᠠᠵᠢᠯᠯᠠᠭ᠎ᠠ ᠶᠠᠪᠤᠭᠤᠯᠤᠭᠰᠠᠨ ᠭᠡᠬᠦ ᠶᠠᠯ᠎ᠠ 》 ᠪᠠᠷ ᠳᠡᠯᠡᠬᠡᠢ ᠳ᠋ᠠᠬᠢᠨ ᠤ ᠣᠯᠠᠨ ᠤᠯᠤᠰ ᠨᠢ ᠠᠵᠤ ᠠᠬᠤᠢ ᠶᠢᠨ ᠬᠣᠷᠢᠭ᠂ ᠵᠠᠯᠬᠠᠭᠠᠯ ᠦᠵᠡᠭᠦᠯᠬᠦ ᠶᠣᠰᠤᠲᠠᠢ ᠭᠡᠵᠦ ᠪᠢᠳᠡ ᠤᠷᠢᠶᠠᠯᠠᠵᠤ ᠪᠠᠢᠨ᠎ᠠ᠃
ᠲᠡᠢᠮᠦ ᠶᠢᠨ ᠲᠤᠯᠠᠲᠠ᠂ ᠪᠢᠳᠡ ᠳᠠᠷᠠᠭᠠᠬᠢ ᠵᠦᠢᠯ ᠦᠳ ᠢ ᠬᠢᠲᠠᠳ ᠤᠨ ᠵᠠᠰᠠᠭ ᠲᠤ ᠡᠰᠡᠷᠭᠦᠴᠡᠯ ᠢᠯᠡᠷᠬᠡᠢᠯᠡᠨ ᠲᠤᠯᠭᠠᠨ ᠱᠠᠭᠠᠷᠳᠠᠬᠤ ᠶᠢᠨ ᠬᠠᠮᠲᠤ ᠪᠦᠬᠦ ᠳᠡᠯᠡᠬᠡᠢ ᠶᠢᠨ ᠰᠢᠳᠤᠷᠭᠤ ᠶᠣᠰᠣ ᠶᠢ ᠬᠦᠨᠳᠦᠳᠭᠡᠨ ᠳᠡᠭᠡᠳᠦᠯᠡᠳᠡᠭ ᠣᠯᠣᠰ ᠣᠷᠣᠨ᠂ ᠬᠦᠮᠦᠨ ᠠᠷᠠᠳ ᠲᠤ ᠬᠦᠰᠡᠨ ᠤᠷᠢᠶᠠᠯᠠᠵᠤ ᠪᠠᠢᠨ᠎ᠠ᠃
1᠂ ᠬᠢᠲᠠᠳ ᠤᠨ ᠵᠠᠰᠠᠭ ᠨᠢ ᠡᠮᠦᠨᠡᠲᠦ ᠮᠣᠩᠭᠣᠯ ᠳᠤ ᠶᠠᠪᠤᠭᠤᠯᠵᠤ ᠪᠠᠢᠭ᠎ᠠ ᠭᠢᠨᠣᠴᠢᠳ ᠪᠣᠳᠣᠯᠭ᠎ᠠ ᠪᠠᠨ ᠨᠡᠩ ᠳᠠᠷᠤᠢ ᠵᠣᠭᠰᠣᠭᠠᠨ᠂ ᠳᠡᠯᠡᠬᠡᠢ ᠨᠡᠢᠲᠡ ᠶᠢᠨ ᠬᠠᠮᠲᠤ ᠶᠢᠨ ᠲᠠᠨᠢᠯᠲᠠ ᠪᠣᠯᠣᠨ ᠲᠣᠭᠲᠠᠭᠰᠠᠨ ᠮᠣᠩᠭᠣᠯ ᠦᠨᠳᠦᠰᠦᠲᠡᠨ ᠦ ᠥᠪᠡᠰᠦᠪᠡᠨ ᠰᠢᠢᠳᠦᠨ ᠡᠵᠡᠨ ᠮᠡᠳᠡᠬᠦ ᠡᠷᠬᠡ ᠶᠢ ᠪᠤᠴᠠᠭᠠᠨ ᠥᠭᠬᠦ ᠬᠡᠷᠡᠭᠲᠡᠢ᠃
2᠂ ᠬᠢᠲᠠᠳ ᠤᠨ ᠵᠠᠰᠠᠭ ᠨᠢ ᠥᠪᠡᠷ ᠦᠨ ᠦᠨᠳᠦᠰᠦᠨ ᠬᠠᠤᠯᠢ ᠳᠠᠭᠠᠨ ᠴᠤ ᠪᠢᠴᠢᠵᠦ ᠪᠠᠢᠭ᠎ᠠ ᠦᠨᠳᠦᠰᠦᠲᠡᠨ ᠦ ᠥᠪᠡᠷᠲᠡᠭᠡᠨ ᠵᠠᠰᠠᠬᠤ ᠡᠷᠬᠡ᠂ ᠰᠤᠷᠭᠠᠨ ᠬᠦᠮᠦᠵᠢᠯ ᠬᠦᠷᠲᠡᠬᠦ ᠡᠷᠬᠡ᠂ ᠠᠮᠢᠳᠤᠷᠠᠯ ᠤᠨ ᠡᠷᠬᠡ ᠵᠡᠷᠭᠡ ᠵᠦᠢᠯ ᠵᠣᠷᠪᠤᠰ ᠢᠶᠠᠨ ᠦᠨᠳᠦᠰᠦᠯᠡᠵᠦ᠂ ᠡᠮᠦᠨᠡᠲᠦ ᠮᠣᠩᠭᠣᠯᠴᠣᠳ ᠤᠨ ᠬᠡᠦᠬᠡᠳ ᠪᠠᠭᠠᠴᠤᠤᠯ ᠤᠨ ᠡᠬᠡ ᠬᠡᠯᠡ ᠪᠡᠷ ᠢᠶᠡᠨ ᠪᠣᠯᠪᠠᠰᠤᠷᠠᠯ ᠬᠦᠷᠲᠡᠬᠦ ᠡᠷᠬᠡ ᠶᠢ ᠨᠢ ᠪᠤᠴᠠᠭᠠᠨ ᠥᠭᠴᠦ᠂ ᠮᠣᠩᠭᠣᠯ ᠰᠤᠷᠭᠠᠭᠤᠯᠢ ᠶᠢᠨ ᠮᠣᠩᠭᠣᠯ ᠢᠶᠠᠷ ᠢᠶᠠᠨ ᠬᠢᠴᠢᠶᠡᠯᠯᠡᠬᠦ ᠶᠢ ᠨᠢ ᠰᠡᠷᠭᠦᠭᠡᠨ ᠥᠭᠬᠦ ᠬᠡᠷᠡᠭᠲᠡᠢ᠃ ᠡᠭᠦᠨ ᠦ ᠳᠠᠭᠠᠤ᠂ ᠮᠣᠩᠭᠣᠯᠴᠤᠳ ᠤᠨ ᠨᠤᠲᠤᠭ ᠪᠡᠯᠴᠢᠭᠡᠷ᠂ ᠭᠠᠵᠠᠷ ᠰᠢᠷᠤᠢ ᠶᠢ ᠮᠣᠩᠭᠣᠯᠴᠤᠳ ᠲᠤ ᠪᠤᠴᠠᠭᠠᠨ ᠥᠭᠴᠦ᠂ ᠬᠠᠤᠯᠢ ᠶᠤᠰᠤᠨ ᠤ ᠡᠷᠬᠡ ᠪᠡᠨ ᠬᠠᠮᠠᠭᠠᠯᠠᠬᠤ ᠶᠢᠨ ᠲᠥᠯᠥᠭᠡ ᠡᠰᠡᠷᠭᠦᠴᠡᠯ ᠢᠶᠡᠨ ᠢᠯᠡᠷᠬᠡᠢᠯᠡᠵᠦ ᠪᠠᠷᠢᠭᠳᠠᠭᠰᠠᠨ ᠮᠣᠩᠭᠣᠯᠴᠤᠳ ᠢ ᠨᠡᠩ ᠳᠠᠷᠤᠢ ᠰᠤᠯᠠᠯᠠᠬᠤ ᠬᠡᠷᠡᠭᠲᠡᠢ᠃
3᠂ ᠬᠦᠮᠦᠨ ᠲᠦᠷᠦᠯᠬᠢᠲᠡᠨ ᠦ ᠬᠠᠮᠲᠤ ᠶᠢᠨ ᠦᠷᠲᠡᠭ ᠦᠨ ᠦᠵᠡᠯᠲᠡ ᠪᠣᠯᠬᠣ ᠬᠦᠮᠦᠨ ᠦ ᠡᠷᠬᠡ ᠶᠢ ᠬᠦᠨᠳᠦᠳᠬᠡᠬᠦ ᠭᠡᠳᠡᠭ ᠲᠤ ᠦᠨᠳᠦᠰᠦᠯᠡᠨ᠂ ᠨᠢᠭᠡᠲᠦᠭᠰᠡᠨ ᠦᠨᠳᠦᠰᠦᠲᠡᠨ ᠦ ᠪᠠᠢᠭᠤᠯᠤᠯᠭ᠎ᠠ ᠵᠡᠷᠭᠡ ᠶᠢᠨ ᠣᠯᠠᠨ ᠤᠯᠤᠰ ᠤᠨ ᠬᠦᠮᠦᠨ ᠡᠷᠬᠡ ᠶᠢᠨ ᠪᠠᠢᠭᠤᠯᠤᠯᠭ᠎ᠠ ᠨᠤᠭᠤᠳ ᠨᠢ ᠬᠢᠲᠠᠳ ᠤᠨ ᠵᠠᠰᠠᠭ ᠤᠨ ᠡᠮᠦᠨᠡᠲᠦ ᠮᠣᠩᠭᠣᠯ ᠳᠤ ᠶᠠᠪᠤᠭᠤᠯᠤᠭᠰᠠᠨ ᠪᠣᠯᠣᠨ ᠣᠳᠣ ᠶᠠᠭ ᠶᠠᠪᠤᠭᠤᠯᠵᠤ ᠪᠠᠢᠭ᠎ᠠ ᠭᠢᠨᠣᠴᠢᠳ ᠪᠣᠳᠣᠯᠭ᠎ᠠ᠂ ᠠᠵᠢᠯᠯᠠᠭ᠎ᠠ ᠳᠤ ᠪᠠᠢᠴᠠᠭᠠᠯᠲᠠ ᠬᠢᠬᠦ ᠪᠠᠢᠴᠠᠭᠠᠬᠤ ᠪᠦᠯᠭᠦᠮ ᠲᠣᠮᠢᠯᠠᠬᠤ ᠶᠢ ᠱᠠᠭᠠᠷᠳᠠᠵᠤ ᠪᠠᠢᠨ᠎ᠠ᠃
4᠂ ᠬᠢᠲᠠᠳ ᠤᠨ ᠵᠠᠰᠠᠭ ᠨᠢ ᠡᠮᠦᠨᠡᠲᠦ ᠮᠣᠩᠭᠣᠯ ᠳᠤ ᠶᠠᠪᠤᠭᠤᠯᠵᠤ ᠪᠠᠢᠭ᠎ᠠ ᠭᠢᠨᠣᠴᠢᠳ ᠪᠣᠳᠤᠯᠭ᠎ᠠ ᠪᠣᠯᠣᠨ ᠠᠵᠢᠯᠯᠠᠭ᠎ᠠ ᠪᠠᠨ ᠵᠣᠭᠰᠣᠭᠠᠬᠤ ᠪᠣᠯᠲᠠᠯ᠎ᠠ ᠨᠢ ᠳᠡᠯᠡᠬᠡᠢ ᠶᠢᠨ ᠣᠯᠠᠨ ᠤᠯᠤᠰ ᠣᠷᠣᠨ ᠨᠢ ᠬᠢᠲᠠᠳ ᠲᠤ ᠠᠵᠤ ᠠᠬᠤᠢ ᠶᠢᠨ ᠬᠣᠷᠢᠭ ᠠᠷᠭ᠎ᠠ ᠬᠡᠮᠵᠢᠶ᠎ᠡ ᠡᠴᠡ ᠡᠬᠢᠯᠡᠨ ᠡᠯ᠎ᠡ ᠵᠦᠢᠯ ᠦᠨ ᠵᠠᠯᠬᠠᠭᠠᠯ ᠤᠨ ᠠᠷᠭ᠎ᠠ ᠬᠡᠮᠵᠢᠶ᠎ᠡ ᠠᠪᠬᠤ ᠶᠢ ᠪᠢᠳᠡ ᠬᠦᠰᠡᠨ ᠤᠷᠢᠶᠠᠯᠠᠵᠤ ᠪᠠᠢᠨ᠎ᠠ᠃
《 5.11 ᠡᠮᠦᠨᠡᠲᠦ ᠮᠣᠩᠭᠣᠯ ᠢ ᠳᠡᠮᠵᠢᠬᠦ ᠳᠡᠯᠡᠬᠡᠢ ᠶᠢᠨ ᠡᠳᠦᠷ 》 ᠬᠦᠳᠡᠯᠭᠡᠭᠡᠨ ᠢ ᠵᠣᠬᠢᠶᠠᠨ ᠪᠠᠢᠭᠤᠯᠬᠤ ᠺᠣᠮᠢᠰ
ᠰᠠᠨᠠᠯ ᠨᠢᠭᠡᠲᠡᠢ ᠪᠦᠬᠦ ᠬᠦᠮᠦᠰ
2022 ᠣᠨ ᠤ 5 ᠳ᠋ᠤᠭᠠᠷ ᠰᠠᠷ᠎ᠠ ᠶᠢᠨ8 ᠦ ᠡᠳᠦᠷ