ᠡᠮᠦᠨᠡᠳᠦ ᠮᠣᠩᠭᠣᠯ ᠦ᠋ᠨ ᠶᠡᠬᠡ ᠬᠤᠷᠠᠯᠲᠠᠢ

5. 11 ᠡᠮᠦᠨᠡᠳᠦ ᠮᠣᠩᠭᠣᠯᠴᠤᠳ ᠢ᠋ ᠳᠡᠮᠵᠢᠬᠦ ᠳᠡᠯᠡᠬᠡᠢ ᠶᠢᠨ ᠡᠳᠦᠷ

ᠡᠮᠦᠨᠡᠲᠦ ᠮᠣᠩᠭᠣᠯᠴᠤᠳ ᠢ ᠳᠡᠮᠵᠢᠬᠦ ᠳᠡᠯᠡᠬᠡᠢ ᠶᠢᠨ ᠡᠳᠦᠷ ᠢ ᠠᠩᠬ᠎ᠠ ᠤᠳᠠᠭ᠎ᠠ ᠲᠡᠮᠳᠡᠭᠯᠡᠨ ᠥᠩᠭᠡᠷᠡᠭᠦᠯᠦᠯ᠎ᠡ᠃ ᠳᠡᠯᠡᠬᠡᠢ ᠶᠢᠨ ᠮᠣᠩᠭᠣᠯᠴᠤᠳ ᠰᠠᠨᠠᠯ ᠨᠢᠭᠡᠳᠴᠦ᠂ ᠡᠨᠡ ᠡᠳᠦᠷ ᠢ ᠲᠤᠩᠬᠠᠭᠯᠠᠭᠰᠠᠨ ᠶᠤᠮ᠃

ᠲᠣᠣᠺᠢᠣ᠋ ᠳᠤ ᠡᠨᠡ ᠡᠳᠦᠷ ᠢ ᠤᠭᠲᠤᠨ᠂ ᠡᠰᠡᠷᠭᠦᠴᠡᠯ ᠦᠨ ᠬᠣᠶᠠᠷ ᠴᠤᠭᠯᠠᠭᠠᠨ ᠪᠣᠯᠤᠯ᠎ᠠ᠃

ᠦᠳᠡ ᠡᠴᠡ ᠡᠮᠦᠨ᠎ᠡ ᠪᠦᠭᠦᠳᠡ ᠨᠠᠢᠷᠠᠮᠳᠠᠬᠤ ᠬᠢᠲᠠᠳ ᠠᠷᠠᠳ ᠤᠯᠤᠰ ᠤᠨ ᠡᠯᠴᠢᠨ ᠰᠠᠢᠳ ᠤᠨ ᠶᠠᠮᠤᠨ ᠤ ᠡᠮᠦᠨ᠎ᠡ ᠵᠢᠭᠰᠠᠭᠠᠯ ᠪᠣᠯᠤᠯ᠎ᠠ᠃ ᠶᠠᠫᠣᠨ ᠤ ᠫᠠᠷᠯᠠᠮᠧᠨᠲ ᠤᠨ ᠭᠡᠰᠢᠭᠦᠨ ᠲᠠᠺᠠᠰᠢ ᠨᠠᠭᠠᠣ᠋᠂ ᠡᠮᠦᠨᠡᠲᠦ ᠮᠣᠩᠭᠣᠯ ᠤᠨ ᠶᠡᠬᠡ ᠬᠤᠷᠠᠯᠳᠠᠢ᠂ ᠶᠠᠫᠣᠨ᠂ ᠬᠣᠩᠺᠣᠩ ᠤᠨ ᠢᠳᠡᠪᠬᠢᠲᠡᠨ ᠨᠦᠭᠦᠳ ᠣᠷᠣᠯᠴᠠᠯ᠎ᠠ᠃ ᠡᠮᠦᠨᠡᠲᠦ ᠮᠣᠩᠭᠣᠯ ᠤᠨ ᠦᠨᠡᠨ ᠪᠠᠢᠳᠠᠯ ᠢ ᠶᠠᠷᠢᠵᠤ᠂ ᠮᠡᠳᠡᠭᠳᠡᠯ ᠢᠶᠡᠨ ᠥᠭᠭᠦᠯ᠎ᠡ᠃

ᠦᠳᠡ ᠡᠴᠡ ᠬᠣᠢᠰᠢ᠂ ᠲᠣᠣᠺᠢᠣ᠋ ᠳᠤ 600 ᠬᠦᠮᠦᠨ ᠣᠷᠣᠯᠴᠠᠭᠰᠠᠨ ᠲᠣᠮᠣ ᠡᠰᠡᠷᠭᠦᠴᠡᠯ ᠦᠨ ᠵᠢᠭᠰᠠᠭᠠᠯ ᠪᠣᠯᠤᠯ᠎ᠠ᠃ ᠮᠠᠯᠴᠢᠨ ᠮᠡᠷᠭᠡᠨ ᠠᠮᠢ ᠦᠷᠡᠭᠳᠡᠭᠰᠡᠨ ᠦ 10 ᠵᠢᠯ ᠦᠨ ᠣᠢ ᠶᠢ ᠬᠦᠨᠳᠦᠳᠬᠡᠯ᠎ᠡ᠃ ᠡᠮᠦᠨᠡᠲᠦ ᠮᠣᠩᠭᠣᠯᠴᠤᠳ ᠢ ᠬᠦᠨᠳᠦᠳᠬᠡᠬᠦ ᠳᠡᠯᠡᠬᠡᠢ ᠶᠢᠨ ᠡᠳᠦᠷ ᠢ ᠳᠡᠮᠵᠢᠯ᠎ᠡ᠃ ᠶᠠᠫᠣᠨ᠂ ᠲᠥᠪᠡᠳ᠂ ᠤᠢᠭᠤᠷ᠂ ᠬᠣᠩᠺᠣᠩ᠂ ᠲᠠᠢᠸᠠᠨ᠂ ᠮᠢᠶᠠᠮᠮᠠᠷ᠂ ᠺᠠᠮᠪᠤᠵᠢ ᠶᠢᠨ ᠢᠳᠡᠪᠬᠢᠲᠡᠨ ᠨᠦᠭᠦᠳ ᠳᠡᠮᠵᠢᠨ ᠣᠷᠣᠯᠴᠠᠯ᠎ᠠ᠃ ᠡᠨᠡ ᠵᠢᠭᠰᠠᠭᠠᠯ ᠢ ᠡᠮᠦᠨᠡᠲᠦ ᠮᠣᠩᠭᠣᠯ ᠤᠨ ᠶᠡᠬᠡ ᠬᠤᠷᠠᠯᠳᠠᠢ ᠰᠠᠨᠠᠭᠠᠴᠢᠯᠠᠭᠰᠠᠨ ᠶᠤᠮ᠃ ᠡᠮᠦᠨᠡᠲᠦ ᠮᠣᠩᠭᠣᠯᠴᠤᠳ ᠢ ᠳᠡᠮᠵᠢᠬᠦ ᠳᠡᠯᠡᠬᠡᠢ ᠶᠢᠨ ᠡᠳᠦᠷ ᠮᠠᠨᠢ ᠠᠽᠢᠶ᠎ᠠ ᠶᠢᠨ ᠠᠷᠠᠳ ᠲᠦᠮᠡᠨ ᠨᠦᠭᠦᠳ ᠦᠨ ᠡᠷᠬᠡ ᠴᠢᠯᠦᠭᠡᠨ ᠦ ᠪᠠᠰᠠ ᠨᠢᠭᠡᠨ ᠡᠳᠦᠷ ᠪᠣᠯᠵᠤ᠂ ᠥᠷᠭᠡᠵᠢᠨ ᠲᠡᠯᠡᠯ᠎ᠡ᠃

ᠮᠣᠩᠭᠣᠯ ᠤᠯᠤᠰ ᠤᠨ ᠨᠡᠢᠰᠯᠡᠯ ᠤᠯᠠᠭᠠᠨᠪᠠᠭᠠᠲᠤᠷ ᠬᠣᠲᠠ ᠳᠦ 5 ᠳᠦᠭᠡᠷ ᠰᠠᠷ᠎ᠠ ᠶᠢᠨ 9 ᠍ ᠳᠦ ᠠᠺᠼᠢ ᠪᠣᠯᠤᠯ᠎ᠠ᠃ ᠠᠷᠠᠳ ᠲᠦᠮᠡᠨ ᠦ ᠣᠯᠠᠩᠬᠢ ᠶᠢᠨ ᠵᠠᠰᠠᠭᠯᠠᠯ ᠨᠠᠮ᠂ ᠲᠥᠷᠥ ᠶᠢᠨ ᠪᠤᠰᠤ ᠪᠠᠢᠭᠤᠯᠤᠯᠭ᠎ᠠ ᠤᠳ ᠵᠣᠬᠢᠶᠠᠨ ᠪᠠᠢᠭᠤᠯᠪᠠ᠃ ᠬᠦᠮᠦᠰ ᠲᠦ ᠡᠮᠦᠨᠡᠲᠦ ᠮᠣᠩᠭᠣᠯ ᠤᠨ ᠦᠨᠡᠨ ᠪᠠᠢᠳᠠᠯ ᠢ ᠶᠠᠷᠢᠪᠠ᠃ ᠪᠠᠰᠠ ᠬᠦᠮᠦᠰ ᠦᠨ ᠳᠡᠮᠵᠢᠭᠰᠡᠨ ᠦᠭᠡ ᠶᠢ ᠰᠣᠨᠣᠰᠴᠤ᠂ ᠸᠢᠳᠢᠣ᠋ ᠪᠢᠴᠢᠯᠭᠡ ᠬᠢᠯ᠎ᠡ᠃

5 ᠍ ᠳᠦᠭᠡᠷ ᠰᠠᠷ᠎ᠠ ᠶᠢᠨ 11 ᠍ ᠳᠦ ᠳᠡᠯᠡᠬᠡᠢ ᠶᠢᠨ ᠮᠣᠩᠭᠣᠯᠴᠤᠳ ᠤᠨ ᠬᠣᠯᠪᠣᠭᠠᠨ ᠤ ᠲᠡᠷᠢᠭᠦᠨ ᠴ∙ ᠡᠯᠪᠡᠭᠳᠣᠷᠵᠢ Clubhouse ᠪᠣᠯᠤᠨ FB ᠍ ᠳᠦ ᠡᠮᠦᠨᠡᠲᠦ ᠮᠣᠩᠭᠣᠯ ᠤᠨ ᠲᠤᠬᠠᠢ ᠶᠠᠷᠢᠯ᠎ᠠ᠃ ᠳᠡᠯᠡᠬᠡᠢ ᠶᠢᠨ ᠮᠣᠩᠭᠣᠯᠴᠤᠳ ᠤᠨ ᠬᠣᠯᠪᠣᠭ᠎ᠠ ᠡᠮᠦᠨᠡᠲᠦ ᠮᠣᠩᠭᠣᠯᠴᠤᠳ ᠢ ᠳᠡᠮᠵᠢᠭᠰᠡᠨ ᠸᠢᠳᠢᠣ᠋ ᠺᠣᠨᠲ᠋ᠧᠨᠲᠪᠡᠯᠡᠳᠬᠡᠵᠦ᠂ FB ᠍ ᠳᠦ ᠨᠡᠢᠲᠡᠯᠡᠪᠡ᠃

《 ᠰᠧᠸᠳᠧᠡ ᠳ᠋ᠡᠬᠢ ᠮᠣᠩᠭᠣᠯ ᠰᠤᠶᠤᠯ ᠤᠨ ᠨᠡᠢᠬᠡᠮᠯᠢᠭ 》 ᠲᠥᠷᠥ ᠶᠢᠨ ᠪᠤᠰᠤ ᠪᠠᠢᠭᠤᠯᠤᠯᠭ᠎ᠠ ᠡᠮᠦᠨᠡᠲᠦ ᠮᠣᠩᠭᠣᠯᠴᠤᠳ ᠢ ᠳᠡᠮᠵᠢᠭᠰᠡᠨ ᠨᠡᠪᠲᠡᠷᠡᠭᠦᠯᠭᠡ ᠪᠡᠯᠡᠳᠬᠡᠵᠦ᠂ FB ᠍ ᠳᠦ ᠨᠡᠢᠲᠡᠯᠡᠪᠡ᠃ ᠸᠢᠳᠢᠣ᠋ ᠍ ᠶᠢᠨ ᠤ ᠨᠡᠷ᠎ᠡ᠄ 《 ᠮᠠᠯᠴᠢᠨ ᠮᠡᠷᠭᠡᠨ ᠠᠮᠢ ᠦᠷᠡᠭᠳᠡᠭᠰᠡᠨ ᠦ 10 ᠵᠢᠯ ᠦᠨ ᠣᠢ ᠪᠠ ᠡᠮᠦᠨᠡᠲᠦ ᠮᠣᠩᠭᠣᠯᠴᠤᠳ ᠢ ᠳᠡᠮᠵᠢᠬᠦ ᠳᠡᠯᠡᠬᠡᠢ ᠶᠢᠨ ᠡᠳᠦᠷ 》᠃

ᠡᠨᠡ ᠡᠳᠦᠷ ᠢ ᠵᠢᠯ ᠡᠴᠡ ᠵᠢᠯ ᠳᠦ ᠤᠯᠠᠮ ᠥᠷᠭᠡᠨ ᠳᠡᠯᠭᠡᠷ ᠲᠡᠮᠳᠡᠭᠯᠡᠬᠦ ᠪᠣᠯᠤᠨ᠎ᠠ ᠭᠡᠳᠡᠭ ᠲᠦ ᠳᠡᠯᠡᠬᠡᠢ ᠶᠢᠨ ᠮᠣᠩᠭᠣᠯᠴᠤᠳ ᠢᠲᠡᠭᠡᠯ ᠲᠡᠢ ᠪᠠᠢᠨ᠎ᠠ᠃

info@southmongolia.org