ᠡᠮᠦᠨᠡᠳᠦ ᠮᠣᠩᠭᠣᠯ ᠦ᠋ᠨ ᠶᠡᠬᠡ ᠬᠤᠷᠠᠯᠲᠠᠢ

ᠨᠠᠭᠣᠶ᠎ᠠ ᠬᠣᠲᠠᠨ ᠳᠤ 《 ᠡᠬᠡ ᠬᠡᠯᠡ ᠪᠡᠨ ᠬᠠᠮᠠᠭᠠᠯᠠᠬᠤ ᠬᠦᠳᠡᠯᠭᠡᠭᠡᠨ ᠪᠣᠯᠣᠨ ᠳᠡᠯᠡᠬᠡᠢ ᠶᠢᠨ ᠤᠯᠤᠰ ᠲᠥᠷᠥ ᠶᠢᠨ ᠬᠣᠪᠢᠰᠤᠯᠲᠠ 》 ᠨᠡᠬᠡᠭᠡᠯᠳᠡ ᠲᠡᠢ ᠬᠤᠷᠠᠯ  ᠪᠣᠯᠪᠠ

《 ᠡᠬᠡ ᠬᠡᠯᠡ ᠪᠡᠨ ᠬᠠᠮᠠᠭᠠᠯᠠᠬᠤ ᠬᠦᠳᠡᠯᠭᠡᠭᠡᠨ ᠪᠣᠯᠣᠨ ᠳᠡᠯᠡᠬᠡᠢ ᠶᠢᠨ ᠤᠯᠤᠰ ᠲᠥᠷᠥ ᠶᠢᠨ ᠬᠣᠪᠢᠰᠤᠯᠲᠠ 》 ᠨᠡᠬᠡᠭᠡᠯᠳᠡ ᠲᠡᠢ ᠬᠤᠷᠠᠯ ᠤᠨ ᠪᠣᠯᠪᠠ

ᠥᠩᠭᠡᠷᠡᠭᠰᠡᠨ ᠭᠠᠷᠠᠭ ᠤᠨ ᠬᠠᠭᠠᠰ ᠰᠠᠢᠨ ᠡᠳᠦᠷ ᠪᠣᠯᠬᠤ 9 ᠳ᠋ᠦ᠋ᠭᠡᠷ ᠰᠠᠷ᠎ᠠ ᠶᠢᠨ 4 ᠦ ᠡᠳᠦᠷ᠂ ᠶᠠᠫᠣᠨ ᠤᠯᠤᠰ ᠤᠨ ᠨᠠᠭᠤᠶᠠ ᠬᠣᠲᠠᠨ᠎ᠠ 《 ᠡᠬᠡ ᠬᠡᠯᠡ ᠪᠡᠨ ᠬᠠᠮᠠᠭᠠᠯᠠᠬᠤ ᠬᠦᠳᠡᠯᠭᠡᠭᠡᠨ ᠪᠣᠯᠣᠨ ᠳᠡᠯᠡᠬᠡᠢ ᠶᠢᠨ ᠤᠯᠤᠰ ᠲᠥᠷᠥ ᠶᠢᠨ ᠬᠣᠪᠢᠰᠤᠯᠲᠠ 》 ᠰᠡᠳᠦᠪᠲᠦ ᠨᠡᠬᠡᠭᠡᠯᠳᠡ ᠲᠡᠢ ᠬᠤᠷᠠᠯ ᠪᠣᠯᠵᠤ ᠥᠩᠭᠡᠷᠡᠭᠰᠡᠨ ᠪᠠᠢᠨ᠎ᠠ᠃

ᠬᠢᠲᠠᠳ ᠤᠨ ᠺᠣᠯᠣᠨᠢᠴᠢᠯᠠᠯ ᠤᠨ ᠬᠠᠷᠤᠩᠭᠤᠢ ᠪᠣᠳᠣᠯᠭ᠎ᠠ ᠶᠢᠨ ᠳ᠋ᠦᠩ ᠳᠦ ᠡᠮᠦᠨᠡᠲᠦ ᠮᠣᠩᠭᠣᠯᠴᠤᠳ ᠡᠬᠡ ᠬᠡᠯᠡ ᠪᠡᠨ ᠴᠢᠯᠦᠭᠡᠲᠡᠢ ᠰᠤᠷᠬᠤ ᠡᠷᠬᠡ ᠪᠡᠨ ᠴᠤ ᠠᠯᠳᠠᠭᠰᠠᠨ ᠪᠠᠢᠨ᠎ᠠ᠃ ᠡᠨᠡ ᠬᠦ ᠬᠦᠨᠳᠦ ᠪᠠᠢᠳᠠᠯ ᠤᠨ ᠡᠰᠡᠷᠭᠦ ᠬᠦᠴᠦᠲᠡᠢ ᠡᠰᠡᠷᠭᠦᠴᠡᠵᠦ ᠡᠬᠢᠯᠡᠭᠰᠡᠨ 《 ᠡᠬᠡ ᠬᠡᠯᠡ  ᠪᠠᠨ ᠠᠪᠤᠷᠠᠨ ᠬᠠᠮᠠᠭᠠᠯᠠᠬᠤ ᠬᠦᠳᠡᠯᠭᠡᠭᠡᠨ 》 ᠤ ᠨᠢᠭᠡᠨ ᠵᠢᠯ ᠪᠣᠯᠵᠤ ᠪᠠᠢᠭ᠎ᠠ  ᠳᠤ ᠲᠣᠬᠢᠶᠠᠯᠳᠤᠭᠤᠯᠤᠨ᠂ ᠣᠳᠣᠬᠢ ᠳᠡᠯᠡᠬᠡᠢ ᠶᠢᠨ ᠤᠯᠤᠰ ᠲᠥᠷᠦ ᠶᠢᠨ ᠬᠤᠷᠴᠠ ᠬᠣᠪᠢᠰᠤᠯᠲᠠ ᠶᠢᠨ ᠳᠤᠮᠳᠠ ᠡᠮᠦᠨᠡᠳᠦ ᠮᠣᠩᠭᠣᠯᠴᠤᠳ ᠤᠨ ᠡᠬᠡ ᠬᠡᠯᠡ ᠪᠡᠨ ᠠᠪᠤᠷᠠᠬᠤ ᠬᠦᠳᠡᠯᠭᠡᠭᠡᠨ ᠵᠢᠴᠢ ᠢᠷᠡᠭᠡᠳᠦᠢ ᠶᠢᠨ ᠬᠤᠪᠢ ᠵᠠᠶᠠᠭᠠᠨ ᠤ ᠲᠤᠬᠠᠢ ᠰᠠᠨᠠᠭᠠᠰᠢᠷᠠᠭᠰᠠᠨ ᠶᠠᠷᠢᠯᠴᠠᠬᠤ ᠬᠤᠷᠠᠯ  ᠢ ᠡᠮᠦᠨᠡᠳᠦ ᠮᠣᠩᠭᠤᠯ ᠤᠨ ᠶᠡᠬᠡ ᠬᠤᠷᠠᠯᠲᠠᠢ ᠠᠴᠠ ᠰᠠᠨᠠᠭᠠᠴᠢᠯᠠᠨ ᠡᠷᠬᠢᠯᠡᠵᠦ᠂ ᠠᠮᠵᠢᠯᠲᠠᠲᠠᠢ ᠶᠠᠪᠣᠭᠳᠠᠭᠰᠠᠨ ᠪᠠᠢᠨ᠎ᠠ᠃ ᠲᠣᠰ ᠬᠤᠷᠠᠯ ᠢ ᠮᠦᠨ ᠴᠤ ᠳᠡᠯᠡᠬᠡᠢ ᠶᠢᠨ ᠮᠣᠩᠭᠤᠯᠴᠣᠳ ᠤᠨ ᠬᠣᠯᠪᠤᠭ᠎ᠠ ( ᠶᠠᠫᠣᠨ ᠳᠠᠬᠢ ) ᠬᠠᠮᠲᠤᠷᠠᠨ ᠡᠷᠬᠢᠯᠡᠵᠦ᠂ ᠡᠮᠦᠨᠡᠲᠦ ᠮᠣᠩᠭᠤᠯ ᠢ ᠳᠡᠮᠵᠢᠬᠦ ᠶᠠᠫᠣᠨᠴᠤᠳ ᠤᠨ ᠬᠤᠷᠠᠯ ᠠᠴᠠ ᠳᠡᠮᠵᠢᠨ ᠡᠷᠬᠢᠯᠡᠭᠰᠡᠨ ᠪᠠᠢᠨ᠎ᠠ᠃

ᠬᠤᠷᠠᠯ ᠨᠢ ᠲᠤᠰᠬᠠᠢ ᠰᠡᠳᠦᠪᠲᠦ ᠢᠯᠡᠳᠭᠡᠯ ᠪᠣᠯᠣᠨ ᠴᠢᠯᠦᠭᠡᠲᠦ ᠬᠡᠯᠡᠯᠴᠡᠭᠦᠯᠭᠡ ᠭᠡᠰᠡᠨ ᠬᠣᠶᠠᠷ ᠬᠡᠰᠡᠭ ᠬᠤᠪᠢᠶᠠᠭᠳᠠᠨ ᠶᠠᠪᠤᠭᠳᠠᠭᠰᠠᠨ ᠪᠠᠢᠨ᠎ᠠ᠃

ᠡᠬᠢᠨ ᠦ ᠬᠡᠰᠡᠭ  ᠦᠨ ᠲᠤᠰᠬᠠᠢ ᠰᠡᠳᠦᠪᠲᠦ ᠢᠯᠡᠳᠭᠡᠯ ᠢ ᠬᠠᠤᠯᠢ ᠵᠦᠢ ᠶᠢᠨ ᠤᠬᠠᠭᠠᠨ ᠤ ᠳ᠋ᠣᠺᠲ᠋ᠣᠷ᠂ ᠲᠤᠤᠶ᠋ᠢᠨ ᠶᠣᠺᠣᠬᠠᠮᠠ ᠶᠡᠬᠡ ᠰᠤᠷᠭᠠᠭᠤᠯᠢ ᠶᠢᠨ ᠪᠠᠭᠰᠢ ᠰ᠂ ᠪᠣᠶᠠᠨᠲᠤ ( ᠪᠢᠴᠢᠭ  ᠦᠨ ᠨᠡᠷ᠎ᠡ ᠰ᠂ ᠬᠥᠬᠡ ) ᠪᠡᠷ 《 ᠡᠬᠡ ᠬᠡᠯᠡ ᠪᠡᠨ ᠬᠠᠮᠠᠭᠠᠯᠠᠬᠤ ᠬᠦᠳᠡᠯᠭᠡᠭᠡᠨ ᠪᠣᠯᠣᠨ ᠳᠡᠯᠡᠬᠡᠢ ᠶᠢᠨ ᠤᠯᠤᠰ ᠲᠥᠷᠥ ᠶᠢᠨ ᠪᠠᠢᠳᠠᠯ ᠤᠨ ᠲᠤᠬᠠᠢ 》 ᠰᠡᠳᠦᠪ  ᠢᠶᠡᠷ ᠬᠢᠭᠰᠡᠨ ᠪᠠᠢᠨ᠎ᠠ᠃

ᠬᠣᠶᠠᠳᠤᠭᠠᠷ ᠬᠡᠰᠡᠭ  ᠦᠨ ᠴᠢᠯᠦᠭᠡᠲᠦ ᠬᠡᠯᠡᠯᠴᠡᠭᠦᠯᠭᠡ ᠳᠦ

ᠣ᠂ ᠥᠷᠭᠡᠨ ( ᠡᠮᠦᠨᠡᠲᠦ ᠮᠣᠩᠭᠤᠯ ᠤᠨ ᠶᠡᠬᠡ ᠬᠤᠷᠠᠯᠳᠠᠢ ᠶᠢᠨ ᠳᠡᠳ᠋ ᠳᠠᠷᠤᠭ᠎ᠠ )᠂ ᠴ᠂ ᠮᠥᠩᠬᠡᠪᠠᠶᠠᠷ ( ᠰᠡᠳᠭᠦᠯᠴᠢ᠂ ᠡᠮᠦᠨᠡᠲᠦ ᠮᠣᠩᠭᠤᠯ ᠤᠨ ᠶᠡᠬᠡ ᠬᠤᠷᠠᠯᠳᠠᠢ ᠶᠢᠨ ᠮᠣᠩᠭᠤᠯ ᠳᠠᠬᠢ ᠰᠠᠯᠪᠤᠷᠢ ᠶᠢᠨ ᠳᠠᠷᠤᠭ᠎ᠠ )᠂ ᠬ᠂ ᠨᠠᠷᠠᠰᠤ( ᠰᠧᠸ᠋ᠳᠧᠨ ᠦ ᠮᠣᠩᠭᠤᠯ ᠰᠣᠶᠣᠯ ᠤᠨ ᠬᠣᠯᠪᠣᠭᠠᠨ ᠤ ᠳᠠᠷᠤᠭ᠎ᠠ )᠂ ᠴ᠂ ᠵᠢᠷᠭᠠᠯ ( ᠳᠡᠯᠡᠭᠡᠢ ᠶᠢᠨ ᠮᠣᠩᠭᠣᠯᠴᠤᠳ ᠤᠨ ᠬᠣᠯᠪᠤᠭᠠᠨ ᠤ ᠨᠡᠢᠭᠡᠮ ᠤᠯᠤᠰ ᠲᠥᠷᠦ ᠶᠢᠨ ᠬᠡᠯᠲᠡᠰ ᠦᠨ ᠳᠠᠷᠤᠭ᠎ᠠ ) ᠰ᠂ ᠪᠣᠶᠠᠨᠲᠤ ( ᠪᠢᠴᠢᠭ  ᠦᠨ ᠨᠡᠷ᠎ᠡ ᠰ᠂ ᠬᠥᠬᠡ ) ( ᠬᠠᠤᠯᠢ ᠵᠦᠢ ᠶᠢᠨ ᠤᠬᠠᠭᠠᠨ ᠤ ᠳ᠋ᠣᠺᠲ᠋ᠣᠷ᠂ ᠲᠤᠤᠶ᠋ᠢᠨ ᠶᠣᠺᠣᠬᠠᠮᠠ ᠶᠡᠬᠡ ᠰᠤᠷᠭᠠᠭᠤᠯᠢ ᠶᠢᠨ ᠪᠠᠭᠰᠢ ) ᠨᠠᠷ ᠣᠷᠤᠯᠴᠠᠭᠰᠠᠨ ᠪᠠᠢᠨ᠎ᠠ᠃

ᠬᠤᠷᠠᠯ᠎  ᠤᠨ ᠨᠡᠬᠡᠭᠡᠯᠲᠡ ᠶᠢᠨ ᠦᠭᠡ ᠡᠮᠦᠨᠡᠲᠦ ᠮᠣᠩᠭᠤᠯ ᠤᠨ ᠶᠡᠬᠡ ᠬᠤᠷᠠᠯᠳᠠᠢ ᠶᠢᠨ ᠳᠠᠷᠤᠭ᠎ᠠ ᠱᠣᠪᠴᠢᠭᠤᠳ ᠲᠡᠮᠡᠴᠡᠯᠲᠤ ᠬᠡᠯᠡᠵᠦ᠂ ᠬᠠᠭᠠᠯᠲᠠ ᠶᠢᠨ ᠦᠭᠡ ᠶᠢ ᠡᠮᠦᠨᠡᠲᠦ ᠮᠣᠩᠭᠣᠯ ᠤᠨ ᠶᠡᠬᠡ ᠬᠤᠷᠠᠯᠳᠠᠢ ᠶᠢᠨ ᠳᠡᠳ᠋ ᠳᠠᠷᠤᠭ᠎ᠠ ᠣ᠂ ᠥᠷᠭᠡᠨ ᠶᠠᠷᠢᠨ᠂ ᠡᠮᠦᠨᠡᠲᠦ ᠮᠣᠩᠭᠤᠯ ᠤᠨ ᠶᠡᠬᠡ ᠬᠣᠷᠠᠯᠳᠠᠢ ᠶᠢᠨ ᠨᠠᠷᠢᠨ ᠪᠢᠴᠢᠭ ᠦᠨ ᠳᠠᠷᠤᠭ᠎ᠠ ᠣᠯᠬᠤᠨᠤᠳ ᠳᠠᠢᠴᠢᠨ ᠪᠡᠷ᠎ ᠬᠤᠷᠠᠯ ᠢ ᠬᠥᠲᠦᠯᠡᠵᠡᠢ᠃

ᠬᠤᠷᠠᠯ ᠳᠤ ᠣᠨᠯᠠᠶ᠋ᠢᠨ ᠢᠶᠠᠷ ᠬᠡᠰᠡᠭ ᠬᠦᠮᠦᠰ ᠣᠷᠣᠯᠴᠠᠭᠰᠠᠨ ᠪᠦᠭᠡᠳ ᠡᠮᠦᠨᠡᠲᠦ ᠮᠣᠩᠭᠣᠯ ᠤᠨ ᠶᠡᠬᠡ ᠬᠤᠷᠠᠯᠳᠠᠢ ᠶᠢᠨ ᠹᠸᠡᠢᠰᠪᠦᠺ ᠬᠠᠭᠤᠳᠠᠰᠤ ᠪᠠᠷ ᠰᠢᠭᠤᠳ ᠨᠡᠪᠲᠡᠷᠡᠭᠦᠯᠭᠡ ᠬᠢᠵᠡᠢ᠃ ᠬᠤᠷᠠᠯ ᠤᠨ ᠠᠭᠤᠯᠭ᠎ᠠ ᠶᠢᠨ ᠨᠠᠷᠢᠯᠢᠭ ᠮᠡᠳᠡᠭᠡᠯᠡᠯ ᠢ ᠡᠮᠦᠨᠡᠲᠦ ᠮᠣᠩᠭᠤᠯ ᠤᠨ ᠶᠡᠬᠡ ᠬᠤᠷᠠᠯᠳᠠᠢ ᠶᠢᠨ ᠹᠸᠡᠢᠰᠪᠦᠺ ᠬᠠᠭᠤᠳᠠᠰᠤ ᠠᠴᠠ ᠯᠠᠪᠯᠠᠭᠠᠷᠠᠢ᠃

info@southmongolia.org