ᠡᠯᠢᠭᠡ ᠨᠢᠭᠡᠲᠡᠢ ᠮᠣᠩᠭᠤᠯᠴᠤᠳ ᠮᠢᠨᠢ ᠰᠠᠢᠨ ᠰᠢᠨᠡᠯᠡᠪᠡᠦ᠃
2 ᠰᠠᠷ᠎ᠠ ᠶ᠋ᠢᠨ 21 ᠤ᠋ ᠪᠣᠯ ᠳᠡᠯᠡᠬᠡᠢ ᠶ᠋ᠢᠨ ᠡᠬᠡ ᠬᠡᠯᠡᠨ ᠦ᠌ ᠳᠤᠷᠠᠰᠭᠠᠯ ᠤ᠋ᠨ ᠡᠳᠦᠷ ᠪᠣᠯᠤᠨ᠎ᠠ᠃ ᠣᠳᠤ ᠶ᠋ᠢᠨ ᠪᠧᠩᠭᠠᠯ ᠤᠯᠤᠰ ᠤᠤᠯ ᠳ᠋ᠠᠭᠠᠨ ᠫᠠᠺᠢᠰᠲ᠋ᠠᠨ ᠤᠯᠤᠰ ᠤ᠋ᠨ ᠨᠣᠶᠠᠷᠬᠠᠯ ᠳ᠋ᠤ᠌ ᠪᠠᠢᠵᠤ᠂ ᠵᠡᠭᠦᠨ ᠫᠠᠺᠢᠰᠲ᠋ᠠᠨ ᠬᠡᠮᠡᠭᠳᠡᠵᠦ ᠪᠠᠢᠵᠠᠢ᠃ ᠵᠡᠭᠦᠨ ᠪᠠᠷᠠᠭᠤᠨ ᠫᠠᠺᠢᠰᠲ᠋ᠠᠨ ᠨᠢ ᠬᠡᠯᠡ᠂ ᠰᠣᠶᠤᠯ᠂ ᠲᠡᠦᠬᠡ᠂ ᠱᠠᠰᠢᠨ ᠤ᠋ ᠲᠠᠯ᠎ᠠ ᠪᠠᠷ ᠪᠦᠷ ᠢᠯᠭᠠᠭᠠᠲᠠᠢ᠂ ᠵᠥᠪᠬᠡᠨ ᠬᠠᠮᠲᠤ ᠳ᠋ᠠᠭᠠᠨ ᠠᠩᠭᠯᠢ ᠤᠯᠤᠰ ᠤ᠋ᠨ ᠺᠣᠯᠣᠨᠢ ᠶ᠋ᠢᠨ ᠣᠷᠤᠨ ᠪᠠᠢᠭᠰᠠᠨ ᠲᠡᠳᠦᠢ᠃ 1947 ᠣᠨ ᠳ᠋ᠤ᠌ ᠠᠩᠭᠯᠢ ᠤᠯᠤᠰ ᠺᠣᠯᠣᠨᠢ ᠶ᠋ᠢᠨ ᠵᠠᠬᠢᠷᠤᠯ ᠢ᠋ᠶ᠋ᠠᠨ ᠲᠠᠶᠠᠭᠳᠠᠭᠰᠠᠨ ᠢ᠋ᠶ᠋ᠠᠷ ᠡᠨᠡ ᠬᠣᠶᠠᠷ ᠣᠷᠤᠨ ᠨᠡᠢᠯᠡᠵᠦ ᠫᠠᠺᠢᠰᠲ᠋ᠠᠨ ᠤᠯᠤᠰ ᠪᠣᠯᠵᠠᠢ᠃
1952 ᠣᠨ ᠳ᠋ᠤ᠌᠂ ᠫᠠᠺᠢᠰᠲ᠋ᠠᠨ ᠤᠯᠤᠰ ᠤ᠋ᠨ ᠵᠠᠰᠠᠭ ᠤ᠋ᠨ ᠭᠠᠵᠠᠷ ᠠ᠋ᠴᠠ << ᠫᠠᠺᠢᠰᠲ᠋ᠠᠨ ᠤ᠋ ᠬᠠᠮᠲᠤ ᠶ᠋ᠢᠨ ᠴᠣᠭᠴᠠ ᠶ᠋ᠢ ᠪᠡᠬᠢᠵᠢᠭᠦᠯᠬᠦ >> ᠢᠨ ᠲᠥᠯᠦᠭᠡ᠂ << ᠤᠯᠤᠰ ᠤ᠋ᠨ ᠨᠡᠢᠳᠡᠮ ᠬᠡᠷᠡᠭᠯᠡᠬᠦ ᠬᠡᠯᠡ ᠶ᠋ᠢ ᠲᠤᠤᠱᠯᠠᠭᠤᠯᠬᠤ >> ᠲᠥᠷᠦ ᠶ᠋ᠢᠨ ᠪᠣᠳᠤᠯᠭ᠎ᠠ ᠶ᠋ᠢ ᠳᠤᠷᠠᠳᠤᠨ ᠭᠠᠷᠭᠠᠭᠰᠠᠨ ᠪᠠᠢᠨ᠎ᠠ᠃ ᠳᠠᠷᠤᠢ᠂ ᠵᠡᠭᠦᠨ ᠫᠠᠺᠢᠰᠲ᠋ᠠᠨ ᠢ᠋ ᠥᠪᠡᠷ ᠦ᠋ᠨ ᠡᠬᠡ ᠬᠡᠯᠡ ᠪᠣᠯᠬᠤ ᠪᠧᠩᠭᠠᠯ ᠬᠡᠯᠡ ᠪᠡᠨ ᠬᠠᠶᠠᠵᠤ᠂ ᠫᠠᠺᠢᠰᠲ᠋ᠠᠨ ᠤᠯᠤᠰ ᠤ᠋ᠨ ᠬᠡᠯᠡ ᠶ᠋ᠢ ᠰᠤᠷᠴᠤ ᠬᠡᠷᠡᠭᠯᠡᠬᠦ ᠶ᠋ᠢ ᠱᠠᠭᠠᠷᠳᠠᠭᠰᠠᠨ ᠪᠠᠢᠨ᠎ᠠ᠃
ᠪᠧᠩᠭᠠᠯ ᠣᠷᠤᠨ ᠤ᠋ ᠰᠡᠬᠡᠭᠡᠲᠡᠳ᠂ ᠣᠶᠤᠲᠠᠳ ᠡᠬᠡ ᠬᠡᠯᠡ ᠪᠡᠨ ᠬᠠᠮᠠᠭᠠᠯᠠᠬᠤ ᠬᠥᠳᠡᠯᠭᠡᠭᠡᠨ ᠥᠷᠨᠢᠭᠦᠯᠵᠦ᠂ ᠶᠡᠬᠡ ᠰᠤᠷᠭᠠᠭᠤᠯᠢ ᠶ᠋ᠢᠨ ᠬᠦᠷᠢᠶᠡᠨ ᠳ᠋ᠦ᠍ ᠴᠤᠭᠯᠠᠭᠠᠨ ᠪᠣᠯᠬᠤ ᠶ᠋ᠢ ᠮᠡᠳᠡᠭᠳᠡᠵᠡᠢ᠃ ᠭᠡᠲᠡᠯ᠎ᠡ ᠵᠠᠰᠠᠭ ᠤ᠋ᠨ ᠭᠠᠵᠠᠷ ᠠ᠋ᠴᠠ ᠡᠨᠡᠬᠦ ᠴᠤᠭᠯᠠᠭᠠᠨ ᠢ᠋ ᠬᠣᠷᠢᠭᠯᠠᠨ᠂ << ᠤᠯᠤᠰ ᠤ᠋ᠨ ᠲᠥᠷᠦ ᠶ᠋ᠢᠨ ᠪᠣᠳᠤᠯᠭ᠎ᠠ ᠶ᠋ᠢ ᠡᠰᠡᠷᠭᠦᠴᠡᠭᠰᠡᠨ ᠶᠠᠯ᠎ᠠ ᠪᠣᠯᠬᠤ ᠤᠴᠢᠷ ᠠ᠋ᠴᠠ ᠫᠤᠤᠳᠠᠨ᠎ᠠ >> ᠭᠡᠵᠦ ᠲᠤᠩᠬᠠᠭᠯᠠᠵᠠᠢ᠃
1952 ᠣᠨ ᠤ᠋ 2 ᠰᠠᠷ᠎ᠠ ᠶ᠋ᠢᠨ21 ᠦ᠌ ᠡᠳᠦᠷ ᠫᠠᠺᠢᠰᠲ᠋ᠠᠨ ᠤ᠋ ᠵᠠᠰᠠᠭ ᠠ᠋ᠴᠠ ᠡᠬᠡ ᠬᠡᠯᠡ ᠪᠡᠨ ᠬᠠᠮᠠᠭᠠᠯᠠᠵᠤ ᠴᠤᠭᠯᠠᠭᠠᠨ ᠪᠣᠯᠤᠭᠰᠠᠨ ᠣᠶᠤᠲᠠᠳ ᠲᠤ᠌ ᠴᠢᠰᠤᠲᠤ ᠳᠠᠷᠤᠩᠭᠤᠢᠯᠠᠯ ᠬᠢᠭᠰᠡᠨ ᠪᠠᠢᠨ᠎ᠠ᠃ ᠶᠠᠷᠢᠶᠠᠨ ᠦᠭᠡᠢ ᠪᠧᠩᠭᠠᠯ ᠤ᠋ᠨ ᠠᠷᠠᠳ ᠲᠦᠮᠡᠨ ᠦ᠌ ᠡᠬᠡ ᠬᠡᠯᠡ ᠪᠡᠨ ᠬᠠᠢᠷᠠᠯᠠᠵᠤ ᠬᠠᠮᠠᠭᠠᠯᠠᠬᠤ ᠬᠥᠳᠡᠯᠭᠡᠭᠡᠨ ᠨᠢ ᠵᠠᠰᠠᠭ ᠤ᠋ᠨ ᠭᠠᠵᠠᠷ ᠤ᠋ᠨ ᠳᠠᠷᠤᠩᠭᠤᠢᠯᠠᠯ ᠠ᠋ᠴᠠ ᠪᠣᠯᠵᠤ ᠨᠢᠭᠡᠮᠦᠰᠦᠨ ᠳᠠᠭᠤᠰᠴᠢᠬᠠᠬᠤ ᠶᠠᠪᠤᠳᠠᠯ ᠪᠢᠰᠢ᠂ ᠲᠡᠷᠡᠬᠦ ᠴᠢᠰᠤᠲᠤ ᠳᠠᠷᠤᠩᠭᠤᠢᠯᠠᠯ ᠤ᠋ᠨ ᠰᠡᠭᠦᠯᠡᠷ᠂ 19 ᠵᠢᠯ ᠣ᠋ᠨ ᠬᠠᠲᠠᠭᠤ ᠰᠢᠷᠭᠠᠭᠤ ᠲᠡᠮᠡᠴᠡᠯ ᠢ᠋ ᠳᠠᠮᠵᠢᠨ᠂ 1971 ᠣᠨ ᠳ᠋ᠤ᠌ ᠪᠧᠩᠭᠠᠯ ᠣᠷᠤᠨ ᠫᠠᠺᠢᠰᠲ᠋ᠠᠨ ᠠ᠋ᠴᠠ ᠰᠠᠯᠵᠤ᠂ ᠲᠤᠰᠠᠭᠠᠷ ᠲᠣᠭᠲᠠᠨᠢᠭᠰᠠᠨ ᠪᠧᠩᠭᠠᠯ ᠤᠯᠤᠰ ᠪᠣᠯᠵᠤ ᠴᠢᠳᠠᠭᠰᠠᠨ ᠪᠠᠢᠨ᠎ᠠ᠃
ᠡᠬᠡ ᠬᠡᠯᠡ ᠪᠡᠨ ᠬᠠᠮᠠᠭᠠᠯᠠᠵᠤ ᠠᠯᠳᠠᠨ ᠠᠮᠢ ᠪᠠᠨ ᠵᠣᠷᠢᠭᠤᠯᠤᠭᠰᠠᠨ ᠤᠢᠯᠠ ᠬᠡᠷᠡᠭ ᠲᠡᠦᠬᠡ ᠶ᠋ᠢᠨ ᠰᠢᠨ᠎ᠡ ᠬᠠᠭᠤᠳᠠᠰᠤ ᠪᠣᠯᠤᠭᠰᠠᠨ ᠪᠠᠢᠨ᠎ᠠ᠃ ᠲᠡᠳᠡᠨᠡᠷ ᠦ᠋ᠨ ᠡᠨᠡᠬᠦ ᠠᠭᠤᠤ ᠶᠡᠬᠡ ᠵᠣᠷᠢᠭ ᠰᠠᠨᠠᠭ᠎ᠠ ᠶ᠋ᠢ ᠬᠦᠨᠳᠦᠳᠭᠡᠨ ᠪᠢᠰᠢᠷᠡᠵᠦ᠂ 1999 ᠣᠨ ᠳ᠋ᠤ᠌ ᠣᠯᠠᠨ ᠤᠯᠤᠰ ᠤ᠋ᠨ ᠪᠠᠢᠭᠤᠯᠭ᠎ᠠ ᠠ᠋ᠴᠠ 2 ᠰᠠᠷ᠎ᠠ ᠶ᠋ᠢᠨ 21 ᠤ᠋ ᠡᠳᠦᠷ ᠢ᠋ ᠳᠡᠯᠡᠬᠡᠢ ᠶ᠋ᠢᠨ ᠡᠬᠡ ᠬᠡᠯᠡᠨ ᠦ᠌ ᠳᠤᠷᠠᠰᠭᠠᠯ ᠤ᠋ᠨ ᠡᠳᠦᠷ ᠭᠡᠵᠦ ᠲᠡᠮᠳᠡᠭᠯᠡᠭᠰᠡᠨ ᠪᠠᠢᠨ᠎ᠠ᠃
ᠦᠭᠡ ᠬᠡᠯᠡ ᠪᠣᠯ ᠳᠠᠷᠤᠢ ᠡᠷᠬᠡ ᠴᠢᠯᠦᠭᠡ ᠮᠥᠨ᠂ ᠦᠭᠡ ᠬᠡᠯᠡ ᠪᠣᠯ ᠳᠠᠷᠤᠢ ᠦᠨᠳᠦᠰᠦᠲᠡᠨ ᠦ᠌ ᠣᠷᠤᠰᠢᠨ ᠲᠣᠭᠲᠠᠨᠢᠯ ᠮᠥᠨ᠃ ᠡᠬᠡ ᠬᠡᠯᠡ ᠪᠡᠨ ᠬᠠᠮᠠᠭᠠᠯᠠᠵᠤ᠂ ᠠᠯᠳᠠᠨ ᠠᠮᠢ ᠠᠰᠭᠠᠷᠠᠬᠤ ᠴᠢᠰᠤ ᠪᠠᠷ ᠢ᠋ᠶ᠋ᠠᠨ ᠦᠨᠳᠦᠰᠦᠲᠡᠨ ᠦ᠌ ᠡᠷᠬᠡ ᠴᠢᠯᠦᠭᠡ᠂ ᠲᠤᠰᠠᠭᠠᠷ ᠲᠣᠭᠲᠠᠨᠢᠯ ᠤ᠋ᠨ ᠬᠥᠭᠦᠷᠭᠡ ᠶ᠋ᠢ ᠲᠠᠯᠪᠢᠭᠰᠠᠨ ᠪᠧᠩᠭᠠᠯ ᠤ᠋ᠨ ᠣᠶᠤᠲᠠᠳ ᠦᠨᠡᠬᠡᠷ ᠪᠢᠰᠢᠷᠡᠯᠲᠡᠢ᠃
ᠦᠨᠳᠦᠰᠦᠲᠡᠨ ᠦ᠌ ᠦᠭᠡ ᠬᠡᠯᠡ ᠶ᠋ᠢ ᠤᠰᠠᠳᠭᠠᠬᠤ ᠶᠠᠪᠤᠳᠠᠯ ᠪᠣᠯ ᠡᠨᠡᠬᠦ ᠦᠨᠳᠦᠰᠦᠲᠡᠨ ᠢ᠋ ᠬᠣᠮᠤᠷᠭᠠᠨ ᠤᠰᠠᠳᠭᠠᠵᠤ ᠪᠠᠢᠬᠤ ᠶᠠᠪᠤᠳᠠᠯ ᠮᠥᠨ᠃ ᠣᠳᠤ ᠶ᠋ᠢᠨ ᠬᠢᠲᠠᠳ ᠤ᠋ᠨ ᠺᠣᠮᠮᠤᠨᠢᠰᠲ ᠵᠠᠰᠠᠭ ᠤ᠋ᠨ ᠥᠪᠦᠷ ᠮᠣᠩᠭᠤᠯ ᠳ᠋ᠤ᠌ ᠬᠡᠷᠡᠭᠵᠢᠭᠦᠯᠵᠦ ᠪᠠᠢᠬᠤ ᠲᠥᠷᠦ ᠶ᠋ᠢᠨ ᠪᠣᠳᠤᠯᠭ᠎ᠠ ᠨᠢ ᠮᠣᠩᠭᠤᠯ ᠦᠨᠳᠦᠰᠦᠲᠡᠨ ᠳ᠋ᠦ᠍ ᠬᠡᠷᠡᠭᠵᠢᠭᠦᠯᠵᠦ ᠪᠠᠢᠬᠤ ᠦᠨᠳᠦᠰᠦᠲᠡᠨ ᠢ᠋ ᠬᠣᠮᠤᠷᠭᠠᠯᠠᠨ ᠤᠰᠠᠳᠭᠠᠯᠲᠠ ᠮᠥᠨ᠃ ᠡᠨᠡ ᠨᠢ ᠬᠥᠮᠦᠨᠴᠢ ᠴᠢᠨᠠᠷ ᠢ᠋ ᠲᠡᠷᠰᠯᠡᠭᠰᠡᠨ ᠪᠠᠯᠠᠮᠠᠳ ᠤᠢᠯᠠ ᠠᠵᠢᠯᠯᠠᠭ᠎ᠠ ᠮᠥᠷᠲᠡᠭᠡᠨ᠂ ᠬᠥᠮᠦᠨ ᠲᠥᠷᠦᠯᠬᠢᠲᠡᠨ ᠦ᠌ ᠵᠢᠮ᠎ᠡ ᠬᠠᠤᠯᠢ ᠶ᠋ᠢ ᠡᠰᠡᠷᠭᠦᠴᠡᠭᠰᠡᠨ ᠶᠠᠯᠠᠲᠤ ᠠᠵᠢᠯᠯᠠᠭ᠎ᠠ ᠮᠥᠨ᠃
ᠨᠢᠳᠤᠨᠤᠨ ᠵᠢᠯ ᠣ᠋ᠨ 6 ᠰᠠᠷ᠎ᠠ ᠠ᠋ᠴᠠ ᠡᠬᠢᠯᠡᠵᠦ ᠥᠷᠨᠢᠭᠰᠡᠨ ᠮᠣᠩᠭᠤᠯᠴᠤᠳ ᠤ᠋ᠨ ᠡᠬᠡ ᠬᠡᠯᠡ ᠪᠡᠨ ᠬᠠᠮᠠᠭᠠᠯᠠᠬᠤ ᠬᠥᠳᠡᠯᠭᠡᠭᠡᠨ ᠨᠢ ᠬᠢᠲᠠᠳ ᠤᠯᠤᠰ ᠤ᠋ᠨ ᠬᠠᠷᠭᠢᠰ ᠳᠠᠷᠤᠩᠭᠤᠢᠯᠠᠯ ᠳ᠋ᠤ᠌ ᠤᠴᠠᠷᠠᠭᠰᠠᠨ ᠪᠣᠯᠪᠠᠴᠤ ᠮᠥᠨ ᠦᠷᠭᠦᠯᠵᠢᠯᠡᠭᠰᠡᠭᠡᠷ ᠪᠠᠢᠨ᠎ᠠ᠃
ᠳᠡᠯᠡᠬᠡᠢ ᠶ᠋ᠢᠨ ᠮᠣᠩᠭᠤᠯᠴᠤᠳ ᠤ᠋ᠨ ᠬᠣᠯᠪᠤᠭ᠎ᠠ ᠵᠢᠴᠢ ᠡᠮᠦᠨᠡᠳᠦ ᠮᠣᠩᠭᠤᠯ ᠤ᠋ᠨ ᠶᠡᠬᠡ ᠬᠤᠷᠠᠯᠳᠠᠢ ᠠ᠋ᠴᠠ ᠬᠣᠯᠪᠤᠭᠠᠯᠠᠨ ᠵᠣᠬᠢᠶᠠᠨ ᠪᠠᠢᠭᠤᠯᠤᠭᠰᠠᠨ ᠡᠬᠡ ᠬᠡᠯᠡ ᠪᠡᠨ ᠬᠠᠮᠠᠭᠠᠯᠠᠬᠤ ᠬᠥᠳᠡᠯᠭᠡᠭᠡᠨ ᠳ᠋ᠦ᠍ ᠰᠢᠭᠤᠷᠬᠠᠢᠯᠠᠨ ᠣᠷᠤᠯᠴᠠᠬᠤ ᠶ᠋ᠢ ᠤᠷᠢᠶᠠᠯᠠᠵᠤ ᠪᠠᠢᠨ᠎ᠠ᠃
2021 ᠣᠨ ᠤ᠋ 2 ᠰᠠᠷ᠎ᠠ ᠶ᠋ᠢᠨ 12 ᠤ᠋ ᠡᠳᠦᠷ