ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠤᠯᠤᠰ ᠲᠥᠷᠦ ᠶᠢᠨ ᠲᠣᠪᠴᠢᠶᠠᠨ ᠤ ᠭᠡᠰᠢᠭᠦᠨ ᠪᠥᠭᠡᠳ ᠭᠠᠳᠠᠭᠠᠳᠤ ᠬᠡᠷᠡᠭ ᠦᠨ ᠰᠠᠶᠢᠳ ᠸᠠᠩ ᠶᠢ ᠶᠢᠨ ᠶᠠᠫᠣᠨ ᠳᠤ ᠬᠢᠭᠰᠡᠨ ᠠᠶᠢᠯᠴᠢᠯᠠᠯ ᠢ ᠲᠣᠬᠢᠶᠠᠯᠳᠤᠭᠤᠯᠤᠨ ᠂ ᠬᠢᠲᠠᠳ ᠤᠨ ᠳᠠᠷᠤᠮᠲᠠ ᠳᠠᠷᠤᠯᠠᠯ ᠬᠠᠪᠴᠢᠯᠭ᠎ᠠ ᠳᠠᠷᠤᠯᠠᠯ ᠳᠠᠷᠤᠮᠲᠠ ᠳᠤ ᠪᠠᠶᠢᠭ᠎ᠠ ᠡᠮᠦᠨᠡᠲᠦ ᠮᠣᠩᠭᠣᠯ᠂ ᠲᠥᠪᠡᠳ᠂ ᠥᠢᠭᠤᠷ᠂ ᠬᠣᠩᠺᠣᠩ ᠤᠨ ᠬᠢᠨ ᠡᠰᠡᠷᠭᠦᠴᠡᠯ ᠤᠨ ᠬᠦᠳᠡᠯᠭᠡᠭᠡᠨ ᠵᠣᠬᠢᠶᠠᠨ ᠪᠠᠶᠢᠭᠤᠯᠵᠠᠢ᠃
ᠲᠤᠰ ᠰᠠᠷ᠎ᠠ ᠶᠢᠨ22 ᠦ ᠡᠳᠦᠷ ᠶᠠᠫᠣᠨ᠂ ᠰᠣᠯᠣᠩᠭᠣᠰ᠂ ᠬᠢᠲᠠᠳ ᠤᠨ ᠭᠠᠳᠠᠭᠠᠳᠤ ᠬᠡᠷᠡᠭ ᠦᠨ ᠰᠠᠶᠢᠳ ᠨᠠᠷ ᠤᠨ ᠠᠭᠤᠯᠵᠠᠯᠲᠠ ᠨᠢ ᠶᠠᠫᠣᠨ ᠭᠠᠳᠠᠭᠠᠳᠤ ᠬᠡᠷᠡᠭ ᠶᠠᠮᠤᠨ ᠤ ᠳᠡᠷᠭᠡᠲᠡᠬᠢ ᠢᠲ᠋ᠠᠺᠦᠷᠠ ᠣᠷᠳᠣᠨ ᠳᠤ ᠪᠣᠯᠣᠭᠰᠠᠨ ᠪᠠᠶᠢᠨ᠎ᠠ᠃ ᠡᠭᠦᠨ ᠳᠦ ᠲᠣᠬᠢᠶᠠᠯᠳᠤᠭᠤᠯᠤᠨ ᠡᠮᠦᠨᠡᠲᠦ ᠮᠣᠩᠭᠣᠯ᠂ ᠲᠥᠪᠡᠳ᠂ ᠥᠢᠭᠤᠷ᠂ ᠬᠣᠩᠺᠣᠩ ᠤᠨ ᠬᠢᠨ ᠡᠰᠡᠷᠭᠦᠴᠡᠯ ᠬᠢᠨ<< ᠬᠢᠲᠠᠳ ᠤᠨ ᠵᠠᠰᠠᠭ ᠬᠦᠮᠦᠨ ᠦ ᠡᠷᠬᠡ ᠶᠢᠨ ᠳᠠᠷᠤᠮᠲᠠ᠂ ᠦᠨᠳᠦᠰᠦᠲᠡᠨ ᠶᠠᠰᠤᠲᠠᠨ ᠢ ᠭᠠᠨᠳᠠᠭᠤᠷᠬᠠᠨ ᠳᠠᠷᠤᠩᠭᠣᠶᠢᠯᠠᠬᠤ ᠪᠠᠨ ᠵᠣᠭᠰᠣᠭ᠎ᠠ>> ᠬᠡᠮᠡᠨ ᠱᠠᠭᠠᠷᠳᠠᠵᠠᠢ᠃ ᠡᠰᠡᠷᠭᠦᠴᠡᠯ ᠦᠨ ᠴᠤᠭᠯᠠᠭᠠᠨ ᠳᠤ ᠣᠷᠣᠯᠴᠠᠭᠰᠠᠳ ᠦᠳᠡ ᠶᠢᠨ ᠡᠮᠦᠨ᠎ᠡ ᠴᠢᠩᠭ᠎ᠠ ᠬᠠᠮᠠᠭᠠᠯᠠᠯᠺᠲᠠ ᠲᠠᠢ ᠢᠲ᠋ᠠᠺᠦᠷᠠ ᠣᠷᠳᠣᠨ ᠠᠴᠠ ᠬᠡᠳᠦᠨ ᠵᠠᠭᠤᠨ ᠮᠧᠲᠷ ᠦᠨ ᠴᠠᠭᠠᠨ᠎ᠠ ᠴᠠᠭᠳᠠᠭ᠎ᠠ ᠨᠠᠷ ᠤᠨ ᠬᠠᠮᠠᠭᠠᠯᠠᠯᠲᠠ ᠳᠣᠣᠷ᠎ᠠ ᠡᠰᠡᠷᠭᠦᠡᠯ ᠢᠯᠡᠷᠬᠡᠶᠢᠯᠡᠨ᠂ ᠦᠳᠡ ᠶᠢᠨ ᠬᠣᠶᠢᠨᠠ ᠬᠢᠲᠠᠳ ᠤᠨ ᠡᠯᠴᠢᠨ ᠦ ᠡᠮᠦᠨ᠎ᠡ ᠡᠰᠡᠷᠭᠦᠴᠡᠯ ᠬᠢᠭᠰᠡᠨ ᠪᠠᠶᠢᠨ᠎ᠠ᠃(photo by Mori)



