2 ᠳ᠋ᠤᠭᠠᠷ ᠰᠠᠷ᠎ᠠ ᠶᠢᠨ12 ᠳᠦ᠂ ᠬᠣᠯᠠᠨᠳ᠋ ᠤᠯᠤᠰ ᠤᠨ ᠫᠠᠷᠯᠠᠮᠸᠨᠲ ᠤᠨ ᠭᠠᠳᠠᠭᠠᠳᠤ ᠬᠠᠷᠢᠯᠴᠠᠭᠠᠨ ᠤ ᠵᠦᠪᠯᠡᠯ ᠨᠢ ᠬᠣᠯᠠᠨᠳ᠋ ᠤᠯᠤᠰ ᠤᠨ ᠳ᠋ᠸᠨ ᠬᠠᠭ ᠲᠠᠬᠢ ᠤᠯᠤᠰ ᠤᠨ ᠬᠤᠷᠠᠯ ᠤᠨ ᠲᠢᠩᠬᠢᠮ ᠳᠦ<<ᠬᠢᠲᠠᠳ ᠤᠨ ᠠᠰᠠᠭᠤᠳᠠᠯ >>ᠰᠡᠳᠦᠪ ᠢᠶᠡᠷ ᠬᠡᠯᠡᠯᠴᠡᠭᠦᠯᠭᠡ ᠬᠢᠵᠡᠢ᠃
ᠲᠤᠰ ᠬᠤᠷᠠᠯ ᠨᠢ ᠫᠠᠷᠯᠠᠮᠸᠨᠲ ᠤᠨ ᠭᠠᠳᠠᠭᠠᠳᠤ ᠬᠠᠷᠢᠯᠴᠠᠭᠠᠨ ᠤ ᠵᠦᠪᠯᠡᠯ ᠦᠨ ᠫᠠᠲᠸᠷᠨᠣᠲ᠂ ᠪᠣᠰᠸᠡᠶᠢᠺ ᠨᠠᠷ ᠤᠨ ᠭᠡᠰᠢᠭᠦᠳ ᠦᠨ ᠰᠠᠨᠠᠯ ᠢᠶᠠᠷ ᠪᠢᠳᠡ ᠬᠡᠷᠬᠢᠨ ᠬᠢᠲᠠᠳ ᠤᠨ ᠰᠢᠨ᠎ᠡ ᠪᠣᠳᠣᠯᠭ᠎ᠠ ᠡᠴᠡ ᠥᠪᠡᠷᠰᠡᠳ ᠦᠨ ᠢᠶᠡᠨ ᠡᠷᠬᠡ ᠴᠢᠯᠦᠭᠡ᠂ ᠠᠶᠤᠯ ᠦᠭᠡᠢ ᠪᠠᠶᠢᠳᠠᠯ᠂ ᠡᠳ᠋ ᠦᠨ ᠵᠠᠰᠠᠭ ᠢᠶᠠᠨ ᠪᠣᠳᠠᠲᠠᠢ ᠪᠠᠷ ᠬᠠᠮᠠᠭᠠᠯᠠᠬᠤ ᠪᠣᠢ ᠭᠡᠳᠡᠭ ᠰᠡᠳᠦᠪ ᠦᠨ ᠲᠣᠭᠤᠷᠢᠨ ᠳᠤ ᠶᠠᠪᠤᠭᠳᠠᠭᠰᠠᠨ ᠪᠠᠶᠢᠨ᠎ᠠ᠃
ᠲᠤᠰ ᠬᠤᠷᠠᠯ ᠳᠤ ᠬᠣᠯᠠᠨᠳ᠋ ᠤᠨ ᠭᠠᠳᠠᠭᠠᠳᠤ ᠬᠡᠷᠡᠭ ᠦᠨ ᠶᠠᠮᠣᠨ ᠤ ᠰᠠᠶᠢᠳ ᠴᠣ ᠥᠪᠡᠷ ᠦᠨ ᠪᠡᠶ᠎ᠡ ᠪᠡᠷ ᠣᠷᠣᠯᠴᠠᠨ ᠭᠡᠰᠢᠭᠦᠳ ᠠᠰᠠᠭᠤᠯᠲᠠ ᠨᠤᠭᠤᠳ ᠢ ᠬᠠᠷᠢᠭᠤᠯᠵᠠᠢ᠃
ᠲᠤᠰ ᠬᠤᠷᠠᠯ ᠳᠤ ᠬᠣᠯᠠᠨᠳ᠋ ᠤᠯᠤᠰ ᠲᠠᠬᠢ ᠡᠮᠦᠨᠡᠲᠦ ᠮᠣᠩᠭᠣᠯ᠂ ᠲᠥᠪᠡᠳ᠂ ᠣᠶᠢᠭᠤᠷ᠂ ᠬᠣᠩᠺᠣᠩ ᠤᠨ ᠲᠥᠷᠥ ᠶᠢᠨ ᠪᠤᠰᠤ ᠪᠠᠶᠢᠭᠤᠯᠤᠯᠭ᠎ᠠ ᠶᠢᠨ ᠲᠦᠯᠦᠭᠡᠯᠡᠭᠴᠢᠳ ᠴᠤ ᠤᠷᠢᠭᠳᠠᠨ ᠣᠷᠣᠯᠴᠠᠭᠰᠠᠨ ᠨᠢ ᠪᠠᠰᠠ ᠨᠢᠭᠡᠨ ᠣᠨᠴᠠᠯᠢᠭ ᠪᠣᠯᠵᠠᠢ᠃ᠡᠨᠡ ᠨᠢ ᠰᠡᠭᠦᠯ ᠦᠨ ᠦᠶ᠎ᠡ ᠳᠦ᠂ ᠬᠢᠲᠠᠳ ᠤᠨ ᠭᠠᠳᠠᠭᠰᠢ ᠲᠦᠷᠢᠬᠦ ᠪᠣᠳᠣᠯᠭ᠎ᠠ ᠨᠢ ᠢᠯᠠᠨ ᠳᠠᠯᠠᠨ ᠦᠭᠡᠢ ᠪᠣᠯᠵᠤ᠂ ᠣᠯᠠᠨ ᠤᠯᠤᠰ ᠤᠳ ᠰᠠᠨᠠᠭ᠎ᠠ ᠶᠢ ᠵᠣᠪᠠᠭᠠᠭᠠᠰᠠᠨ ᠠᠰᠠᠭᠤᠳᠠᠯ ᠪᠣᠯᠣᠭᠰᠠᠨ ᠪᠠ ᠳᠡᠯᠡᠬᠡᠢ ᠶᠢᠨ ᠤᠯᠤᠰ ᠲᠥᠷᠥ ᠶᠢᠨ ᠬᠤᠷᠴᠠ ᠬᠣᠪᠢᠰᠤᠯᠲᠠ ᠵᠡᠷᠭᠡ ᠨᠢ ᠣᠯᠠᠨ ᠤᠯᠤᠰ ᠤᠨ ᠤᠯᠤᠰ ᠲᠥᠷᠥ ᠶᠢᠨ ᠬᠠᠯᠠᠭᠤᠨ ᠴᠡᠭ ᠪᠣᠯᠣᠭᠰᠠᠨ ᠲᠠᠢ ᠰᠢᠭᠤᠳ ᠬᠣᠯᠪᠤᠭ᠎ᠠ ᠲᠠᠢ ᠭᠡᠳᠡᠭ ᠨᠢ ᠣᠶᠢᠯᠠᠭᠠᠮᠵᠢᠲᠠᠢ᠃ ᠢᠯᠠᠩᠭᠤᠶ᠎ᠠ ᠬᠢᠲᠠᠳ ᠠᠷᠠᠳ ᠤᠯᠤᠰ ᠨᠢ ᠲᠣᠲᠣᠭᠠᠳᠤ ᠳᠠᠭᠠᠨ ᠪᠣᠰᠣᠳ ᠴᠥᠬᠡᠩᠬᠢ ᠶᠢᠨ ᠦᠨᠳᠦᠰᠦᠲᠡᠨ ᠳᠦ ᠡᠯ᠎ᠡ ᠲᠠᠯ᠎ᠠ ᠪᠠᠷ ᠰᠢᠬᠠᠯᠠᠲᠠ ᠬᠢᠬᠠᠯᠲᠠ ᠶᠠᠪᠤᠭᠤᠯᠳᠠᠭ ᠨᠢ ᠠᠭᠠᠵᠢᠮ ᠢᠶᠠᠷ ᠣᠯᠠᠨ ᠤᠯᠠᠨ ᠤᠯᠤᠰ ᠣᠷᠣᠨ ᠨᠤᠭᠤᠳ ᠤᠨ ᠠᠩᠬᠠᠷᠣᠯ ᠳᠤ ᠦᠷᠲᠦᠬᠦ ᠪᠣᠯᠣᠭᠰᠠᠨ ᠪᠠᠶᠢᠭ᠎ᠠ ᠲᠠᠢ ᠴᠤ ᠬᠣᠯᠪᠤᠭᠠᠲᠠᠢ ᠪᠣᠯᠬᠤ ᠶᠤᠮ᠃ ᠮᠥᠨ ᠴᠣ ᠤᠳᠠᠭᠠᠨ ᠵᠢᠯ ᠬᠣᠯᠠᠨᠳ᠋ ᠤᠯᠤᠰ ᠲᠤ ᠠᠵᠢᠯᠯᠠᠵᠤ ᠠᠮᠢᠳᠤᠷᠠᠳᠠᠭ ᠡᠮᠦᠨᠡᠲᠦ ᠮᠣᠩᠭᠣᠯ᠂ ᠲᠥᠪᠡᠳ᠂ ᠣᠶᠢᠭᠤᠷ ᠂ ᠬᠣᠩᠺᠣᠩᠴᠣᠳ ᠤᠨ ᠬᠢᠲᠠᠳ ᠲᠠᠬᠢ ᠦᠨᠳᠦᠰᠦᠲᠡᠨ ᠦ ᠬᠣᠮᠣᠷᠭᠠᠯᠠᠨ ᠤᠰᠠᠳᠬᠠᠭᠬᠤ ᠪᠣᠳᠣᠯᠭ᠎ᠠ ᠶᠢ ᠢᠯᠡᠴᠢᠯᠡᠨ ᠮᠡᠳᠡᠭᠦᠯᠬᠦ ᠪᠡᠷ ᠰᠢᠨᠲᠠᠷᠠᠯ ᠦᠭᠡᠢ ᠲᠡᠮᠡᠴᠡᠭᠰᠡᠨ ᠦ ᠦᠷ᠎ᠡ ᠳ᠋ᠦᠩ ᠭᠡᠳᠡᠭ ᠨᠢ ᠶᠠᠭᠠᠬᠢᠬᠤ ᠶᠢᠨ ᠠᠷᠭ᠎ᠠ ᠦᠭᠡᠢ ᠮᠥᠨ ᠡᠴᠡ ᠮᠥᠨ᠃ ᠲᠤᠰ ᠤᠳᠠᠭᠠᠨ ᠬᠤᠷᠠᠯ ᠳᠦ ᠲᠡᠳᠡᠨᠦᠰ ᠬᠠᠮᠲᠤᠷᠠᠨ ᠬᠢᠲᠠᠳ ᠲᠠᠬᠢ ᠦᠨᠳᠦᠰᠦᠲᠡᠨ ᠬᠠᠶᠢᠯᠠᠭᠤᠯᠬᠤ ᠪᠣᠳᠣᠯᠭ᠎ᠠ ᠵᠡᠷᠭᠡ ᠪᠣᠳᠠᠲᠠᠢ ᠪᠢᠴᠢᠭ ᠪᠠᠷᠢᠮᠲᠠ ᠪᠦᠷᠢᠳᠦᠭᠦᠯᠦᠨ᠂ ᠬᠠᠮᠲᠤᠷᠠᠨ ᠨᠡᠷ᠎ᠡ ᠬᠣᠯᠪᠤᠨ ᠤᠯᠤᠰ ᠤᠨ ᠬᠤᠷᠠᠯ ᠳᠤ ᠳᠡᠪᠰᠢᠭᠦᠯᠦᠭᠰᠡᠨ ᠪᠠᠶᠢᠨ᠎ᠠ( ᠠᠷᠤ ᠳᠤ ᠬᠣᠯᠠᠨᠳ᠋ ᠪᠣᠯᠣᠨ ᠠᠩᠭ᠍ᠯᠢ ᠬᠡᠯᠡᠨ ᠡᠬᠡ ᠪᠢᠴᠢᠭ ᠢ ᠨᠢ ᠳᠠᠭᠠᠯᠳᠤᠭᠤᠯᠪᠠ)᠃ ᠪᠦᠷ ᠲᠣᠳᠤᠷᠠᠭᠤᠯᠤᠨ ᠶᠠᠷᠢᠪᠠᠯ᠂ ᠲᠥᠪᠡᠳ᠂ ᠣᠶᠢᠭᠤᠷ ᠪᠣᠶᠤ ᠬᠣᠩᠺᠣᠩ ᠤᠨ ᠠᠰᠠᠭᠤᠳᠠᠯ ᠨᠢ ᠡᠸᠦ᠋ᠷᠣᠫᠠ ᠳᠤ ᠨᠡᠯᠢᠶᠡᠳ ᠬᠦᠮᠦᠰ ᠦᠨ ᠠᠩᠬᠠᠷᠣᠯ ᠲᠠᠲᠠᠵᠤ ᠪᠠᠶᠢᠭ᠎ᠠ ᠰᠡᠳᠦᠪ ᠪᠣᠯᠪᠠᠴᠤ᠂ ᠡᠮᠦᠨᠡᠲᠦ ᠮᠣᠩᠭᠣᠯ ᠤᠨ ᠠᠰᠠᠭᠤᠳᠠᠯ ᠡᠸᠦ᠋ᠷᠣᠫᠠ ᠶᠢᠨ ᠤᠯᠤᠰ ᠦᠳ ᠤᠨ ᠤᠯᠤᠰ ᠲᠥᠷᠥ ᠶᠢᠨ ᠬᠦᠷᠢᠶᠡᠨ ᠳᠦ ᠠᠩᠬᠠᠷᠤᠯ ᠲᠠᠲᠠᠵᠤ ᠡᠬᠢᠯᠡᠵᠦ ᠪᠠᠶᠢᠭ᠎ᠠ ᠨᠢ ᠡᠮᠦᠨᠡᠲᠦ ᠮᠣᠩᠭᠣᠯᠴᠣᠳ ᠲᠤ ᠨᠢᠭᠡᠨ ᠰᠠᠶᠢᠨ ᠲᠣᠬᠢᠶᠠᠯ ᠭᠡᠵᠦ ᠦᠵᠡᠵᠦ ᠪᠣᠯᠬᠤ ᠪᠣᠯᠪᠠ ᠦᠦ᠃
ᠳᠠᠭᠠᠤ ᠳᠤ ᠳᠤᠭᠤᠯᠭᠠᠬᠤ ᠳᠤ᠂ ᠬᠣᠯᠠᠨᠳ᠋ ᠤᠯᠤᠰ ᠤᠨ ᠫᠠᠷᠯᠠᠮᠸᠨᠲ ᠨᠢ ᠤᠳᠠᠯ ᠦᠭᠡᠢ ᠡᠮᠦᠨᠡᠲᠦ ᠮᠣᠩᠭᠣᠯ᠂ ᠲᠥᠪᠡᠳ᠂ ᠣᠶᠢᠭᠤᠷ᠂ ᠬᠣᠩᠺᠣᠩ ᠤᠨ ᠲᠦᠯᠦᠭᠡᠯᠡᠭᠴᠢᠳ ᠢ ᠣᠷᠣᠯᠴᠠᠭᠤᠯᠤᠭᠰᠠᠨ ᠳᠤᠭᠤᠢ ᠰᠢᠷᠡᠭᠡᠨ ᠦ ᠶᠠᠷᠢᠯᠴᠠᠬᠤ ᠬᠤᠷᠠᠯ ᠬᠢᠬᠦ ᠭᠡᠵᠦ ᠪᠠᠶᠢᠬᠤ ᠠᠵᠠᠢ᠃
ᠬᠦᠰᠡᠯᠲᠡ ᠶᠢᠨ ᠪᠢᠴᠢᠭ ᠤᠨ ᠬᠣᠯᠠᠨᠳ᠋ ᠬᠡᠯᠡᠨ ᠤ ᠡᠬᠡ



ᠬᠦᠰᠡᠯᠲᠡ ᠶᠢᠨ ᠪᠢᠴᠢᠭ ᠦᠨ ᠠᠩᠭ᠍ᠯᠢ ᠬᠡᠯᠡᠨ ᠦ ᠣᠷᠴᠢᠭᠤᠯᠭ᠎ᠠ


