ᠡᠮᠦᠨᠡᠲᠦ ᠮᠣᠩᠭᠣᠯ ᠤᠨ ᠲᠤᠬᠠᠢ ᠰᠸᠮᠢᠨᠠᠷ
ᠡᠮᠦᠨᠡᠲᠦ ᠮᠣᠩᠭᠣᠯ ᠦᠨ ᠲᠣᠬᠠᠢ ᠣᠶᠢᠯᠠᠭᠠᠶ᠎ᠠ ᠭᠡᠪᠡᠯ ᠮᠣᠩᠭᠣᠯ ᠤᠨ ᠲᠡᠦᠬᠡ ᠶᠢ ᠮᠡᠳᠡᠬᠦ ᠴᠢᠬᠤᠯᠠᠲᠠᠢ᠃ ᠲᠡᠷᠡ ᠳᠤᠮᠳᠠ ᠪᠠᠨ20 ᠳ᠋ᠤᠭᠠᠷ ᠵᠠᠭᠤᠨ ᠤ ᠡᠬᠢᠨ ᠬᠠᠭᠠᠰ ᠵᠠᠭᠤᠨ ᠤ ᠲᠡᠦᠬᠡ᠂ ᠥᠭᠡᠷ᠎ᠡ ᠪᠡᠷ ᠬᠡᠯᠡᠪᠡᠯ 1911 ᠣᠨ ᠤ ᠮᠣᠩᠭᠣᠯ ᠤᠨ ᠲᠤᠰᠠᠭᠠᠷ ᠲᠣᠭᠲᠠᠨᠢᠯ ᠢᠶᠠᠨ ᠰᠡᠷᠭᠦᠨ ᠲᠤᠩᠬᠠᠭᠯᠠᠭᠰᠠᠨ ᠲᠡᠦᠬᠡ᠂ ᠳ᠋ᠸ ᠸᠠᠩ ᠤᠨ ᠮᠣᠩᠭᠣᠯ ᠤᠨ ᠬᠣᠯᠪᠤᠭᠠᠲᠤ ᠵᠠᠰᠠᠭ ᠤᠨ ᠦᠶ᠎ᠡ᠂ ᠮᠠᠨᠵᠤ ᠤᠯᠤᠰ ᠤᠨ ᠲᠡᠦᠬᠡ ᠪᠣᠯᠣᠨ ᠲᠤᠬᠠᠢ ᠶᠢᠨ ᠦᠶ᠎ᠡ ᠶᠢᠨ ᠶᠠᠫᠣᠨ ᠤ ᠬᠣᠭᠣᠷᠣᠨᠳᠤᠬᠢ ᠬᠠᠷᠢᠯᠴᠠᠭ᠎ᠠ ᠵᠡᠷᠭᠡ᠂᠂᠂᠂ ᠡᠮᠦᠨᠡᠲᠦ ᠮᠣᠩᠭᠣᠯᠴᠤᠳ ᠤᠨ ᠦᠨᠳᠦᠰᠦᠲᠡᠨ ᠦ ᠤᠬᠠᠮᠰᠠᠷ ᠰᠡᠷᠭᠦᠨ᠂ ᠦᠨᠳᠦᠰᠦᠲᠡᠨ ᠦ ᠪᠡᠨ ᠪᠦᠷᠢᠨ ᠡᠷᠬᠡᠲᠦ ᠲᠤᠰᠠᠭᠠᠷ ᠲᠣᠭᠲᠠᠨᠢᠯ ᠤᠨ ᠬᠦᠳᠡᠯᠭᠡᠭᠡᠨ ᠥᠷᠨᠢᠨ ᠮᠠᠨᠳᠤᠭᠰᠠᠨ᠂ ᠭᠡᠭᠡᠷᠡᠯ ᠰᠢᠨᠡᠴᠢᠯᠡᠯ ᠦᠨ ᠡᠬᠢᠯᠡᠯ ᠦᠨ ᠰᠠᠭᠤᠷᠢ ᠨᠢ ᠲᠠᠯᠪᠢᠭᠳᠠᠭᠰᠠᠨ ᠭᠡᠷᠡᠯ ᠭᠡᠭᠡᠲᠡᠶᠢᠬᠡᠨ ᠦᠶ᠎ᠡ ᠴᠤ ᠪᠠᠶᠢᠪᠠ᠃
ᠬᠠᠷᠢᠨ ᠲᠡᠭᠦᠨ ᠦ ᠳᠠᠷᠠᠭ᠎ᠠ ᠂ ᠬᠢᠲᠠᠳ ᠤᠯᠤᠰ ᠤᠨ ᠬᠠᠷᠢᠶᠠᠨ ᠳᠤ ᠣᠷᠣᠭᠰᠠᠨ ᠤ ᠳᠠᠷᠠᠭᠠᠬᠢ ᠡᠮᠦᠨᠡᠲᠦ ᠮᠣᠩᠭᠣᠯ ᠶᠠᠭᠤ ᠪᠣᠯᠪᠠ︖ ᠬᠢᠲᠠᠳ ᠤᠨ ᠰᠣᠶᠣᠯ ᠤᠨ ᠬᠤᠪᠢᠰᠬᠠᠯ ᠤᠨ ᠦᠶ᠎ᠡ ᠪᠡᠷ ᠡᠮᠦᠨᠡᠲᠦ ᠮᠣᠩᠭᠣᠯ ᠳᠤ ᠶᠠᠪᠤᠭᠳᠠᠭᠰᠠᠨ ᠮᠣᠩᠭᠣᠯᠴᠤᠳ ᠢ ᠬᠣᠮᠣᠷᠭᠠᠯᠠᠨ ᠤᠰᠠᠳᠬᠠᠬᠤ ᠠᠵᠢᠯᠯᠠᠭ᠎ᠠ ᠥᠨᠥᠳᠥᠷ ᠪᠣᠯᠲᠠᠯ᠎ᠠ ᠦᠷᠭᠦᠯᠵᠢᠯᠡᠭᠰᠡᠭᠡᠷ ᠪᠠᠶᠢᠭ᠎ᠠ ᠭᠡᠪᠡᠯ ᠢᠲᠡᠭᠡᠬᠦ ᠦᠦ︖ ᠣᠳᠣ ᠴᠤ ᠭᠡᠰᠡᠨ ᠬᠠᠳᠠ᠂ ᠬᠠᠭᠤᠴᠢᠨᠬᠦᠦ ( ᠨᠢᠭᠡᠨᠲᠡ ᠨᠦᠭᠴᠢᠭᠰᠡᠨ)᠂ ᠶᠠᠩᠵᠢᠨᠳᠤᠯᠮ᠎ᠠ ᠵᠡᠷᠭᠡ ᠬᠦᠮᠦᠨ ᠦ ᠡᠷᠬᠡ ᠶᠢᠨ ᠲᠥᠯᠦᠭᠡ᠂ ᠮᠣᠩᠭᠣᠯ ᠰᠣᠶᠣᠯ ᠪᠣᠯᠪᠠᠰᠤᠷᠠᠯ ᠤᠨ ᠢᠶᠠᠨ ᠲᠥᠯᠦᠭᠡ ᠮᠠᠰᠢ ᠣᠯᠠᠨ ᠲᠡᠮᠡᠴᠡᠭᠴᠢᠳ ᠠᠴᠠ ᠡᠬᠢᠯᠡᠨ ᠡᠩ ᠦᠨ ᠮᠠᠯᠴᠢᠨ ᠲᠠᠷᠢᠶᠠᠴᠢᠳ ᠬᠦᠷᠲᠡᠯ᠎ᠡ ᠳᠠᠷᠤᠮᠲᠠ ᠰᠢᠬᠠᠯᠲᠠ᠂ ᠬᠦᠴᠦᠷᠬᠡᠶᠢᠯᠡᠯ ᠳᠦ ᠦᠷᠲᠦᠵᠦ᠂ ᠪᠠᠶᠢᠭᠠᠯᠢ ᠣᠷᠴᠢᠨ ᠰᠦᠢᠲᠦᠨ᠂ ᠡᠮᠦᠨᠡᠲᠦ ᠮᠣᠩᠭᠣᠯᠴᠤᠳ ᠤᠨ ᠠᠮᠢᠳᠤᠷᠠᠯ ᠣᠷᠪᠤᠩ ᠢᠶᠠᠷ ᠢᠶᠠᠨ ᠡᠷᠭᠢᠵᠡᠢ᠃ ᠡᠭᠦᠪᠡᠷ ᠴᠤ ᠦᠯᠦ ᠪᠠᠷᠠᠨ᠂ ᠣᠳᠣ ᠪᠣᠯᠬᠤ ᠳᠤ ᠮᠣᠩᠭᠣᠯ ᠬᠡᠦᠬᠡᠳ ᠦᠨ ᠡᠬᠡ ᠬᠡᠯᠡ ᠪᠡᠷ ᠢᠶᠡᠨ ᠰᠤᠷᠬᠤ ᠡᠷᠬᠡ ᠴᠤ ᠴᠤᠴᠠᠯᠠᠭᠳᠠᠪᠠ᠃
ᠡᠶᠢᠨ ᠬᠦ᠂ ᠡᠮᠦᠨᠡᠲᠦ ᠮᠣᠩᠭᠣᠯ ᠤᠨ ᠲᠤᠬᠠᠢ ᠲᠠᠨᠢᠯᠴᠠᠭᠤᠯᠬᠤ ᠰᠸᠮᠢᠨᠠᠷ ᠵᠣᠬᠢᠶᠠᠨ ᠪᠠᠶᠢᠭᠤᠯᠵᠤ ᠪᠠᠶᠢᠨ᠎ᠠ᠃ ᠵᠢᠷᠤᠭ ᠤᠨ ᠦᠵᠡᠰᠭᠦᠯᠡᠩ ᠴᠤ ᠪᠠᠶᠢᠭ᠎ᠠ᠃ ᠲᠠ ᠪᠦᠬᠦᠨ ᠮᠣᠷᠢᠯᠠᠨ ᠰᠠᠭᠠᠲᠠᠮᠤ︕
● ᠴᠠᠭ᠄2024 ᠣᠨ ᠤ10 ᠳ᠋ᠤᠭᠠᠷ ᠰᠠᠷ᠎ᠠ ᠶᠢᠨ26 ᠦ ᠡᠳᠦᠷ(ᠪᠢᠮᠪᠠ ᠭᠠᠷᠠᠭ)
ᠦᠳᠡ ᠶᠢᠨ ᠬᠣᠶᠢᠨᠠᠬᠢ ᠨᠢᠭᠡ ᠴᠠᠭ ᠬᠠᠭᠠᠰ ᠠᠴᠠ
● ᠭᠠᠵᠠᠷ᠄ ᠲᠣᠣᠺᠢᠤ᠋ ᠶᠢᠨ ᠪᠦᠨᠺᠢᠶᠦᠣ᠋ ᠢᠷᠭᠡᠨ ᠦ ᠲᠥᠪ᠂ ᠬᠣᠶᠠᠳᠤᠭᠠᠷ ᠳᠠᠪᠬᠤᠷ ᠤᠨ ᠬᠤᠷᠠᠯ ᠤᠨ ᠲᠠᠩᠬᠢᠮ(東京都文京区民センター 2階A会議室)
● ᠵᠣᠬᠢᠶᠠᠨ ᠪᠠᠶᠢᠭᠤᠯᠤᠭᠴᠢ᠄ ᠡᠮᠦᠨᠡᠲᠦ ᠮᠣᠩᠭᠣᠯ ᠶᠡᠬᠡ ᠬᠤᠷᠠᠯᠳᠠᠢ
●ᠢᠪᠡᠭᠡᠨ ᠲᠡᠳᠭᠦᠭᠴᠢ᠄ ᠠᠽᠢᠶ᠎ᠠ ᠶᠢᠨ ᠠᠷᠠᠳᠴᠢᠯᠠᠭᠰᠠᠨ ᠬᠦᠳᠡᠯᠭᠡᠭᠡᠨ ᠦ ᠬᠣᠷᠢᠶ᠎ᠠ
●ᠣᠷᠣᠯᠴᠠᠬᠤ ᠲᠦᠯᠦᠪᠦᠷᠢ᠄ ᠦᠨ᠎ᠡ ᠦᠭᠡᠢ
● ᠄ ᠢᠯᠡᠳᠭᠡᠯ ᠬᠢᠭᠴᠢᠳ ᠪᠠ ᠰᠡᠳᠦᠪ
1᠂<< ᠡᠮᠦᠨᠡᠲᠦ ᠮᠣᠩᠭᠣᠯ ᠪᠣᠯᠣᠨ ᠶᠠᠫᠣᠨ ᠤ ᠬᠣᠭᠣᠷᠤᠨᠳᠤᠬᠢ ᠬᠠᠷᠢᠯᠴᠠᠭ᠎ᠠ>>
ᠣᠯᠬᠤᠨᠤᠳ ᠳᠠᠶᠢᠴᠢᠨ( ᠡᠮᠦᠨᠡᠲᠦ ᠮᠣᠩᠭᠣᠯ ᠤᠨ ᠶᠡᠬᠡ ᠬᠤᠷᠠᠯᠳᠠᠢ ᠶᠢᠨ ᠪᠠᠶᠢᠩᠭᠤ ᠶᠢᠨ ᠳᠡᠳ᠋ ᠲᠡᠷᠢᠭᠦᠨ)
2᠂<<ᠡᠮᠦᠨᠡᠲᠦ ᠮᠣᠩᠭᠣᠯ ᠳᠠᠬᠢ ᠤᠯᠤᠰ ᠲᠥᠷᠦ ᠶᠢᠨ ᠬᠦᠳᠡᠯᠭᠡᠭᠡᠨ᠂ ᠨᠡᠶᠢᠭᠡᠮ ᠦᠨ ᠥᠭᠡᠷᠡᠴᠢᠯᠡᠯᠲᠡ ᠶᠢᠨ ᠳᠤᠮᠳᠠ ᠬᠢᠲᠠᠳ ᠤᠨ ᠵᠠᠰᠠᠭ ᠤᠨ ᠭᠠᠵᠠᠷ ᠤᠨ ᠲᠠᠷᠢᠬᠢ ᠤᠭᠢᠶᠠᠯᠲᠠ ᠶᠢᠨ ᠲᠤᠬᠠᠢ>>
ᠰ᠂ ᠪᠤᠶᠠᠨᠲᠤ(ᠶᠣᠺᠤᠬᠠᠮᠠ ᠲᠤᠤᠶ᠋ᠢᠨ ᠶᠡᠬᠡ ᠰᠤᠷᠭᠠᠭᠤᠯᠢ ᠶᠢᠨ ᠬᠠᠤᠯᠢ ᠵᠦᠢ ᠶᠢᠨ ᠰᠠᠯᠪᠤᠷᠢ ᠶᠢᠨ ᠴᠠᠭ ᠤᠨ ᠪᠠᠭᠰᠢ᠂ ᠳ᠋ᠣᠺᠲ᠋ᠣᠷ᠂ ᠵᠣᠬᠢᠶᠠᠯᠴᠢ᠂ ᠬᠢᠲᠠᠳ ᠤᠨ ᠣᠷᠴᠢᠨ ᠦᠶ᠎ᠡ ᠶᠢᠨ ᠤᠯᠤᠰ ᠲᠥᠷᠥ᠂ ᠥᠪᠥᠷ ᠮᠣᠩᠭᠣᠯ ᠤᠨ ᠣᠷᠴᠢᠨ ᠦᠶ᠎ᠡ ᠶᠢᠨ ᠨᠡᠶᠢᠭᠡᠮ᠂ ᠤᠯᠤᠰ ᠲᠥᠷᠥ ᠰᠣᠳᠤᠯᠤᠭᠠᠴᠢ)
3᠂<<ᠥᠪᠥᠷ ᠮᠣᠩᠭᠣᠯ ᠳᠠᠬᠢ ᠰᠤᠷᠭᠠᠭᠤᠯᠢ ᠶᠢᠨ ᠰᠤᠷᠭᠠᠨ ᠬᠦᠮᠦᠵᠢᠯ ᠬᠢᠭᠡᠳ ᠡᠬᠡ ᠬᠡᠯᠡᠨ ᠦ ᠬᠦᠮᠦᠵᠢᠯ ᠢᠶᠡᠨ ᠠᠯᠳᠠᠵᠤ ᠪᠠᠶᠢᠭ᠎ᠠ ᠪᠠᠶᠢᠳᠠᠯ>>
ᠭᠣᠪᠣᠷᠤᠳ ᠠᠷᠴᠠ(ᠺᠣᠪᠸ ᠶᠡᠬᠡ ᠰᠣᠷᠭᠠᠭᠤᠯᠢ ᠶᠢᠨ ᠴᠠᠭ ᠤᠨ ᠪᠠᠭᠰᠢ᠂ ᠳ᠋ᠣᠺᠲ᠋ᠣᠷ᠂ ᠺᠣᠪᠸ ᠶᠡᠬᠡ ᠰᠤᠷᠭᠠᠭᠤᠯᠢ ᠶᠢᠨ ᠣᠯᠠᠨ ᠤᠯᠤᠰ ᠤᠨ ᠰᠣᠶᠣᠯ ᠰᠣᠳᠤᠯᠤᠯᠭᠠᠨ ᠤ ᠬᠦᠷᠢᠶᠡᠯᠡᠩ ᠦᠨ ᠰᠣᠳᠣᠯᠣᠭᠠᠴᠢ)
- ᠬᠣᠯᠪᠤᠭ᠎ᠠ ᠪᠠᠷᠢᠬᠤ᠄ ᠡᠮᠦᠨᠡᠲᠦ ᠮᠣᠩᠭᠣᠯ ᠶᠡᠬᠡ ᠬᠤᠷᠠᠯᠳᠠᠢ info@southmongolia.org
080-9129-2872
ᠠᠽᠢᠶ᠎ᠠ ᠶᠢᠨ ᠠᠷᠠᠳᠴᠢᠯᠠᠭᠰᠠᠨ ᠬᠦᠳᠡᠯᠭᠡᠭᠡᠨ ᠦ ᠬᠣᠷᠢᠶ᠎ᠠ 03-3525-7493