2024 09 05
【9.14】≪ᠮᠣᠩᠭᠣᠯ᠂ ᠲᠥᠪᠡᠳ ᠊ᠤᠨ ᠭᠡᠷ᠎ᠡ ᠶᠢᠨ 110 ᠵᠢᠯ ᠊ᠤᠨ ᠣᠢ ᠳ᠋ᠤ᠌ ᠵᠣᠷᠢᠭᠤᠯᠤᠭᠰᠠᠨ ᠣᠯᠠᠨ ᠤᠯᠤᠰ ᠊ᠤᠨ ᠡᠷᠳᠡᠮ ᠰᠢᠨᠵᠢᠯᠡᠭᠡᠨ ᠦ ᠬᠤᠷᠠᠯ ᠤᠨ ᠦᠭᠦᠯᠡᠯ ᠊ᠤᠨ ᠲᠡᠭᠦᠪᠦᠷᠢ≫ ᠬᠡᠪᠯᠡᠭᠳᠡᠭᠰᠡᠨ ᠦ ᠳᠤᠷᠠᠰᠬᠠᠯ ᠤᠨ ᠠᠭᠤᠯᠵᠠᠯᠲᠠ

≪ᠮᠣᠩᠭᠣᠯ᠂ ᠲᠥᠪᠡᠳ ᠊ᠤᠨ ᠭᠡᠷ᠎ᠡ ᠶᠢᠨ 110 ᠵᠢᠯ ᠊ᠤᠨ ᠣᠢ ᠳ᠋ᠤ᠌ ᠵᠣᠷᠢᠭᠤᠯᠤᠭᠰᠠᠨ ᠣᠯᠠᠨ ᠤᠯᠤᠰ ᠊ᠤᠨ ᠡᠷᠳᠡᠮ ᠰᠢᠨᠵᠢᠯᠡᠭᠡᠨ ᠦ ᠬᠤᠷᠠᠯ ᠤᠨ ᠦᠭᠦᠯᠡᠯ ᠊ᠤᠨ ᠲᠡᠭᠦᠪᠦᠷᠢ≫ ᠬᠡᠪᠯᠡᠭᠳᠡᠭᠰᠡᠨ ᠦ ᠳᠤᠷᠠᠰᠬᠠᠯ ᠤᠨ ᠠᠭᠤᠯᠵᠠᠯᠲᠠ

 ᠲᠤᠰ ᠰᠠᠷ᠎ᠠ ᠶᠢᠨ14 ᠦ ᠡᠳᠦᠷ᠂ ᠮᠣᠩᠭᠣᠯ ᠲᠥᠪᠡᠳ ᠦᠨ ᠬᠣᠭᠣᠷᠤᠨᠳᠤ ᠬᠠᠷᠢᠯᠴᠠᠨ ᠬᠦᠯᠢᠶᠡᠨ ᠵᠥᠪᠰᠢᠶᠡᠷᠡᠬᠦ ᠭᠡᠷ᠎ᠡ ᠪᠠᠶᠢᠭᠤᠯᠤᠭᠰᠠᠨ ᠤ110 ᠵᠢᠯ ᠦᠨ ᠣᠢ ᠳᠤ ᠵᠣᠷᠢᠭᠤᠯᠤᠭᠰᠠᠨ ᠣᠯᠠᠨ ᠤᠯᠤᠰ ᠤᠨ ᠡᠷᠳᠡᠮ ᠰᠢᠨᠵᠢᠯᠡᠭᠡᠨ ᠦ ᠬᠤᠷᠠᠯ ᠤᠨ ᠦᠭᠦᠯᠡᠯ ᠦᠨ ᠲᠡᠭᠦᠪᠦᠷᠢ ᠶᠢᠨ ᠬᠡᠪᠯᠡᠭᠳᠡᠭᠰᠡᠨ ᠳᠤᠷᠠᠰᠬᠠᠯ ᠤᠨ ᠠᠭᠤᠯᠵᠠᠯᠲᠠ ᠪᠣᠯᠬᠤ  ᠭᠡᠵᠦ ᠪᠠᠶᠢᠨ᠎ᠠ᠃

ᠥᠩᠭᠡᠷᠡᠭᠰᠡᠨ ᠣᠨ(2023᠂07᠂15) ᠤ ᠳᠣᠯᠣᠳᠤᠭᠠᠷ ᠰᠠᠷ᠎ᠠ ᠳᠤ᠂ ᠲᠣᠣᠺᠢᠣ᠋ ᠶᠡᠬᠡ ᠰᠤᠷᠭᠠᠭᠤᠯᠢ ᠳᠤ ᠪᠣᠯᠣᠭᠰᠠᠨ≪ ᠮᠣᠩᠭᠣᠯ᠂ ᠲᠥᠪᠡᠳ ᠦᠨ ᠬᠣᠭᠣᠷᠣᠨᠳᠤ ᠬᠠᠷᠢᠯᠴᠠᠨ ᠬᠦᠯᠢᠶᠡᠨ ᠵᠥᠪᠰᠢᠶᠡᠷᠡᠬᠦ ᠭᠡᠷ᠎ᠡ ᠪᠠᠶᠢᠭᠤᠯᠤᠭᠰᠠᠨ ᠤ110 ᠵᠢᠯ ᠦᠨ ᠣᠢ ᠳᠤ ᠵᠣᠷᠢᠭᠤᠯᠤᠭᠰᠠᠨ ᠡᠷᠳᠡᠮ ᠰᠢᠨᠵᠢᠯᠡᠭᠡᠨ ᠦ ᠬᠤᠷᠠᠯ≫ ᠳᠤ ᠣᠷᠣᠯᠴᠠᠨ ᠢᠯᠡᠳᠭᠡᠯ ᠬᠢᠭᠰᠡᠨ ᠡᠷᠳᠡᠮᠲᠡᠨ ᠰᠣᠳᠤᠯᠤᠭᠠᠴᠢ ᠨᠠᠷ ᠤᠨ ᠦᠭᠦᠯᠡᠯ ᠦᠨ ᠡᠮᠬᠢᠳᠭᠡᠯ ᠬᠡᠪᠯᠡᠭᠳᠡᠨ ᠭᠠᠷᠤᠯ᠎ᠠ᠃  ᠲᠤᠰ ᠥᠭᠦᠯᠡᠯ ᠦᠨ ᠲᠡᠭᠦᠪᠦᠷᠢ ᠶᠢ ᠠᠮᠠᠽᠤᠨ ᠳᠡᠭᠡᠷ᠎ᠡ ᠡᠴᠡ ᠴᠤ ᠬᠤᠳᠠᠯᠳᠤᠨ ᠠᠪᠬᠤ ᠪᠣᠯᠣᠮᠵᠢᠲᠠᠢ᠃

ᠡᠨᠡ ᠬᠦ≪ᠦᠭᠦᠯᠡᠯ ᠦᠨ ᠲᠡᠭᠦᠪᠦᠷᠢ≫ ᠬᠡᠪᠯᠡᠭᠳᠡᠭᠰᠡᠨ ᠢ ᠳᠤᠷᠠᠰᠬᠠᠬᠤ ᠵᠣᠷᠢᠯᠭ᠎ᠠ ᠪᠠᠷ9 ᠳ᠋ᠦ᠋ᠭᠡᠷ ᠰᠠᠷ᠎ᠠ ᠶᠢᠨ14( ᠪᠢᠮᠪᠠ ᠭᠠᠷᠠᠭ᠂ ᠭᠠᠷᠠᠭ ᠤᠨ ᠵᠢᠷᠭᠤᠭᠠᠨ) ᠤ15 ᠴᠠᠭ ᠠᠴᠠ ᠲᠣᠣᠺᠢᠣ᠋ ᠶᠢᠨ ᠨᠠᠺᠠᠨᠣ᠋ ᠲᠣᠭᠤᠷᠢᠭ (東京都中野区役所ミーティングルームA) ᠤᠨ ᠵᠠᠰᠠᠭ ᠤᠨ ᠣᠷᠳᠣᠨ ᠤAᠬᠤᠷᠠᠯ ᠤᠨ ᠭᠡᠷ ᠲᠦ ᠠᠭᠤᠯᠵᠠᠯᠲᠠ ᠶᠢᠨ ᠠᠷᠭ᠎ᠠ ᠬᠡᠮᠵᠢᠶ᠎ᠡ ᠵᠣᠬᠢᠶᠠᠨ ᠪᠠᠶᠢᠭᠤᠯᠤᠭᠳᠠᠨ᠎ᠠ᠃

ᠮᠣᠷᠢᠯᠠᠨ ᠰᠠᠭᠠᠲᠠᠮᠤ︕

ᠢᠯᠡᠳᠭᠡᠯ ᠬᠢᠭᠴᠢᠳ᠄

 ᠮᠢᠶᠠᠸᠠᠺᠢ ᠵᠢᠶᠦᠨᠺᠤ(Toyo Bunko Public Interest Incorporated Foundation   ᠦ ᠰᠣᠳᠤᠯᠤᠭᠠᠴᠢ᠂ᠰᠢᠶᠣᠣᠸᠠ12 ᠣᠨ ᠨᠡᠶᠢᠭᠡᠮᠯᠢᠭ ᠦᠨ ᠲᠡᠷᠢᠭᠦᠨ᠂ ᠳ᠋ᠣᠺᠲ᠋ᠣᠷ᠂  ᠨᠡᠷᠡᠲᠦ ᠮᠣᠩᠭᠣᠯ ᠰᠣᠳᠤᠯᠤᠭᠠᠴᠢ)

ᠠᠷᠢᠶᠠ ᠴᠡᠸᠠᠩᠭᠠᠷᠪᠤ( ᠳᠡᠭᠡᠷᠡᠬᠢ ᠭᠡᠭᠡᠨᠲᠡᠨ14 ᠳ᠋ᠦ᠋ᠭᠡᠷ ᠳᠦᠷᠢ ᠶᠢᠨ ᠳᠠᠯᠠᠢ ᠯᠠᠮᠠ ᠶᠢᠨ ᠶᠠᠫᠣᠨ ᠪᠣᠯᠣᠨ ᠵᠡᠭᠦᠨ ᠠᠽᠢᠶ᠎ᠠ ᠶᠢᠨ ᠲᠦᠯᠦᠭᠡᠯᠡᠭᠴᠢ᠂ ᠳ᠋ᠣᠺᠲ᠋ᠣᠷ᠂ ᠲᠥᠪᠡᠳ ᠪᠣᠯᠣᠨ ᠠᠽᠢᠶ᠎ᠠ ᠶᠢᠨ ᠲᠡᠦᠬᠡ ᠰᠣᠳᠤᠯᠤᠭᠠᠴᠢ)

ᠭᠣᠪᠤᠷᠤᠳ ᠠᠷᠴᠠ (ᠺᠣᠪᠸ ᠶᠡᠬᠡ ᠰᠣᠷᠭᠠᠭᠤᠯᠢ ᠶᠢᠨ ᠴᠠᠭ ᠤᠨ ᠪᠠᠭᠰᠢ᠂ ᠳ᠋ᠣᠺᠲ᠋ᠣᠷ᠂ ᠺᠣᠪᠸ ᠶᠡᠬᠡ ᠰᠤᠷᠭᠠᠭᠤᠯᠢ ᠶᠢᠨ ᠣᠯᠠᠨ ᠤᠯᠤᠰ ᠤᠨ ᠰᠣᠶᠣᠯ ᠰᠣᠳᠤᠯᠤᠯᠭᠠᠨ ᠤ ᠬᠦᠷᠢᠶᠡᠯᠡᠩ ᠦᠨ ᠰᠣᠳᠣᠯᠣᠭᠠᠴᠢ)

ᠰ᠂ ᠪᠣᠶᠠᠨᠲᠦ( ᠰ᠂ ᠬᠥᠬᠡ᠂ᠲᠤᠤᠶ᠋ᠢᠨ ᠶᠣᠺᠣᠬᠠᠮᠠᠠ ᠶᠡᠬᠡ ᠰᠤᠷᠭᠠᠭᠤᠯᠢ ᠶᠢᠨ ᠬᠠᠣᠯᠢ ᠵᠦᠢ ᠶᠢᠨ ᠰᠠᠯᠪᠣᠷᠢ ᠶᠢᠨ ᠴᠠᠭ ᠤᠨ ᠪᠠᠭᠰᠢ᠂ ᠳ᠋ᠣᠺᠲ᠋ᠣᠷ᠂ ᠵᠣᠬᠢᠶᠠᠯᠴᠢ᠂ ᠬᠢᠲᠠᠳ ᠤᠨ ᠣᠷᠴᠢᠨ ᠦᠶ᠎ᠡ ᠶᠢᠨ ᠤᠯᠤᠰ ᠲᠥᠷᠥ᠂ ᠥᠪᠥᠷ ᠮᠣᠩᠭᠣᠯ ᠤᠨ ᠣᠷᠴᠢᠨ ᠦᠶ᠎ᠡ ᠶᠢᠨ ᠨᠡᠶᠢᠭᠡᠮ᠂ ᠤᠯᠤᠰ ᠲᠥᠷᠥ ᠰᠣᠳᠤᠯᠤᠭᠠᠴᠢ)

ᠣᠯᠬᠤᠨᠤᠳ ᠳᠠᠶᠢᠴᠢᠨ( ᠡᠮᠦᠨᠡᠲᠦ ᠮᠣᠩᠭᠣᠯ ᠤᠨ ᠶᠡᠬᠡ ᠬᠤᠷᠠᠯᠳᠠᠢ ᠶᠢᠨ ᠪᠠᠶᠢᠩᠭᠤ ᠶᠢᠨ ᠳᠡᠳ᠋ ᠲᠡᠷᠢᠭᠦᠨ᠂≪ ᠴᠢᠯᠦᠭᠡᠲᠦ ᠮᠣᠩᠭᠣᠯ ≫ᠰᠡᠳᠭᠦᠯ  ᠶᠢ ᠡᠷᠬᠢᠯᠡᠨ ᠨᠠᠶᠢᠷᠠᠭᠤᠯᠤᠭᠴᠢ)

ᠬᠡᠵᠢᠶ᠎ᠡ᠄9 ᠳ᠋ᠦ᠋ᠭᠡᠷ ᠰᠠᠷ᠎ᠠ ᠶᠢᠨ14 ᠦ ᠡᠳᠦᠷ᠂15 ᠴᠠᠭ ᠠᠴᠠ

ᠬᠠᠮᠢᠭ᠎ᠠ᠄ ᠲᠣᠣᠺᠢᠣ᠋ ᠶᠢᠨ ᠨᠠᠺᠠᠨᠣ᠋ ᠲᠣᠭᠤᠷᠢᠭ (東京都中野区役所ミーティングルームA) ᠤᠨ ᠵᠠᠰᠠᠭ ᠤᠨ ᠣᠷᠳᠣᠨ ᠤAᠬᠤᠷᠠᠯ ᠤᠨ ᠭᠡᠷ 

ᠵᠣᠬᠢᠶᠠᠨ ᠪᠠᠶᠢᠭᠤᠯᠤᠭᠴᠢ᠄ ᠡᠮᠦᠨᠡᠲᠦ ᠮᠣᠩᠭᠣᠯ ᠶᠡᠬᠡ ᠬᠤᠷᠠᠯᠳᠠᠢ

ᠬᠠᠮᠲᠤᠷᠠᠨ ᠵᠣᠬᠢᠶᠠᠨ ᠪᠠᠶᠢᠭᠤᠯᠤᠭᠴᠢ᠄ ᠡᠮᠦᠨᠡᠲᠦ ᠮᠣᠩᠭᠣᠯ  ᠢ ᠳᠡᠮᠵᠢᠬᠦ ᠣᠷᠣᠨ ᠨᠤᠲᠤᠭ ᠤᠨ ᠫᠠᠷᠯᠠᠮᠸᠨᠲ ᠤᠨ ᠬᠣᠯᠪᠤᠭ᠎ᠠ

ᠳᠡᠮᠵᠢᠭᠴᠢ ᠪᠠᠶᠢᠭᠤᠯᠭ᠎ᠠ᠄アジア自由民主連帯協議会

     南モンゴルを応援する日本人の会

ᠬᠣᠯᠪᠤᠭᠳᠠᠬᠤ ᠠᠷᠭ᠎ᠠ᠄ info@southmongolia.org

 ᠣᠷᠣᠯᠴᠠᠬᠤ ᠲᠥᠯᠦᠪᠦᠷᠢ᠄2000 ᠶᠠᠫᠣᠨ ᠶᠸᠨ(ᠦᠭᠦᠯᠡᠯ ᠦᠨ ᠲᠡᠭᠦᠪᠦᠷᠢ ᠪᠡᠯᠡᠭᠯᠡᠨ᠎ᠡ)

ᠶᠠᠫᠣᠨ ᠬᠡᠯᠡᠨ ᠦ ᠡᠬᠢ ᠰᠤᠷᠪᠤᠯᠵᠢ

info@southmongolia.org