ᠮᠠᠩᠭᠣᠳ ᠤᠷᠭᠤᠮᠠᠯ ᠄ ᠡᠷᠬᠡ ᠴᠢᠯᠦᠭᠡ

ᠡᠷᠬᠡ ᠴᠢᠯᠦᠭᠡ

ᠱᠣᠷᠤᠩ ᠤᠨ ᠬᠠᠭᠠᠯᠭ᠎ᠠ ᠲᠦᠰ ᠬᠢᠨ ᠬᠠᠭᠠᠭᠳᠠᠵᠤ

ᠱᠤᠭᠤᠪᠲᠤᠷᠬᠠᠨ ᠪᠢ ᠡᠷᠬᠡ ᠴᠢᠯᠦᠭᠡ ᠵᠠᠪ ᠢᠶᠠᠨ ᠠᠯᠳᠠᠯ᠎ᠠ

ᠢᠲᠡᠭᠡᠯ ᠬᠦᠴᠦᠨ ᠡᠷᠴᠢ ᠵᠣᠷᠢᠭ ᠪᠠᠶᠢᠭᠰᠠᠨ ᠴᠠᠭ ᠲᠤ

ᠡᠷᠬᠡ ᠴᠢᠯᠦᠭᠡ ᠵᠠᠪ ᠬᠡᠵᠢᠶᠡᠳᠡ ᠰᠡᠳᠭᠢᠯ ᠢ ᠭᠡᠶᠢᠭᠦᠯᠦᠨ᠎ᠡ

ᠡᠭᠡᠴᠢ ᠳᠡᠭᠦᠦ ᠮᠢᠨᠢ ᠪᠤᠤ ᠰᠣᠴᠢᠷᠳᠠ( ᠴᠣᠴᠢᠷᠳᠠ)

ᠡᠭᠡᠯ ᠪᠢ ᠡᠷᠬᠡ ᠴᠢᠯᠦᠭᠡ ᠢᠶᠠᠨ ᠠᠯᠳᠠᠭᠰᠠᠨ ᠴᠤ

ᠡᠭᠡᠨᠡᠭᠲᠡ ᠲᠠ ᠨᠠᠷ ᠮᠢᠨᠢ ᠡᠷᠬᠡ ᠠᠰᠢᠭ ᠢᠶᠠᠨ ᠣᠯ

ᠰᠢᠭᠦᠯᠲᠡ ᠡᠬᠢᠯᠡᠵᠦ ᠰᠢᠷᠦᠭᠦᠨ ᠳᠤᠤᠭᠠᠷᠤᠭᠰᠠᠨ ᠴᠤ

ᠰᠦᠷᠳᠡᠭᠦᠯᠵᠦ ᠬᠡᠯᠮᠡᠭᠳᠡᠭᠦᠯᠦᠨ ᠰᠦᠷᠡᠬᠡᠢ ᠠᠭᠠᠰᠢᠯᠠᠭᠰᠠᠨ ᠴᠤ

ᠬᠠᠤᠯᠢ ᠵᠦᠷᠢᠴᠡᠵᠦ ᠶᠠᠯ᠎ᠠ ᠬᠢᠭᠰᠡᠨ ᠬᠦᠮᠦᠨ ᠪᠢ ᠪᠢᠰᠢ

ᠬᠡᠭᠡᠯᠢ ᠢᠳᠡᠵᠦ ᠬᠠᠬᠤᠤᠯᠢ ᠵᠠᠯᠭᠢᠭᠰᠠᠨ ᠲᠠ ᠨᠠᠷ ᠶᠠᠯ᠎ᠠ ᠲᠠᠢ

 ᠰᠦ ᠰᠢᠭ ᠴᠠᠶᠢᠯᠭᠠᠨ ᠮᠠᠯᠴᠢᠳ ᠢᠶᠠᠨ ᠮᠦᠯᠵᠢᠵᠦ

ᠰᠡᠭᠦᠯ ᠰᠡᠭᠦᠯ ᠳᠡᠬᠡᠨ ᠳᠠᠶᠢᠰᠤᠨ ᠰᠢᠭ᠋ ᠦᠵᠡᠵᠦ

ᠡᠭᠡᠴᠢ ᠳᠡᠭᠦᠦ᠂ ᠡᠷ᠎ᠡ ᠡᠮ᠎ᠡ᠂ ᠵᠢᠭᠡ ᠨᠠᠭᠠᠴᠤ᠂

ᠠᠬ᠎ᠠ ᠳᠡᠭᠦᠦ᠂ ᠪᠠᠭᠰᠢ ᠰᠤᠷᠤᠭᠴᠢ ᠦᠭᠡᠢ ᠪᠠᠷᠢᠯ᠎ᠠ

ᠥᠲᠦ ᠪᠠᠲᠠᠭᠠᠨ᠎ᠠ ᠨᠡᠶᠢᠯᠡᠯ᠎ᠡ ᠴᠤ ᠭᠡᠰᠡᠨ

ᠪᠠᠭᠠᠰᠤᠨ ᠳᠡᠭᠡᠷ᠎ᠡ ᠰᠠᠭᠤᠬᠤ ᠪᠢᠵᠡ

ᠡᠷᠬᠡᠲᠡᠳ ᠰᠦᠷᠲᠡᠳ ᠰᠦᠯᠪᠡᠭᠡᠯᠡᠯ᠎ᠡ ᠴᠤ ᠭᠡᠰᠡᠨ

ᠦᠨᠡᠨ ᠶᠣᠰᠤ ᠳᠠᠷᠤᠭᠳᠠᠬᠤ ᠦᠭᠡᠢ

ᠦᠴᠦᠬᠡᠨ ᠨᠠᠳᠠ ᠠᠴᠠ ᠴᠤ ᠠᠶᠤᠭ᠎ᠠ ᠦᠦ

ᠠᠶᠤ

ᠨᠢᠭᠦᠯ ᠦᠨ ᠤᠭᠤᠲᠠ ᠴᠢᠨᠢ ᠴᠣᠭᠤᠷᠠᠵᠤ

ᠶᠠᠯ᠎ᠠ ᠬᠢᠯᠢᠨᠴᠡ ᠴᠢᠨᠢ ᠳᠦᠭᠦᠷᠡᠬᠦ ᠡᠴᠡ ᠠᠶᠤ︕

ᠠᠷᠠᠳ ᠢᠶᠠᠨ ᠠᠷᠭᠠᠯᠠᠵᠤ ᠶᠠᠯᠠᠲᠠᠨ ᠪᠣᠯᠭᠠᠴᠢᠬᠠᠭᠠᠳ

ᠠᠰᠤᠷᠤ ᠶᠡᠬᠡ ᠠᠮᠵᠢᠯᠲᠠ ᠣᠯᠣᠯ᠎ᠠ ᠳ᠋ᠠ

ᠮᠠᠯᠴᠢᠳ ᠢᠶᠠᠨ ᠮᠠᠨᠤᠤᠯ ᠪᠣᠯᠭᠠᠨ ᠮᠣᠳᠤ ᠪᠠᠷᠢᠭᠤᠯᠴᠢᠬᠠᠭᠠᠳ

ᠮᠠᠩᠨᠤᠭ ᠡᠮᠦᠰᠦᠨ ᠮᠢᠬ᠎ᠠ ᠢᠳᠡᠭᠰᠡᠳ

ᠡᠷᠬᠡ ᠴᠢᠯᠦᠭᠡ ᠶᠢ ᠮᠢᠨᠢ ᠶᠢᠰᠦ ᠬᠣᠨᠣᠭ ᠠᠪ

ᠡᠷᠭᠢᠬᠦ ᠮᠠᠷᠭᠠᠰᠢ ᠶᠢᠰᠦ ᠶᠢᠰᠦ ᠬᠣᠨᠣᠭ ᠢᠶᠠᠷ

ᠡᠷᠬᠡ ᠴᠢᠯᠦᠭᠡ ᠪᠡᠨ ᠴᠢ ᠨᠢᠭᠦᠯ  ᠳᠡᠬᠡᠨ ᠦᠭ︕

            ᠬᠠᠩᠭᠢᠨ ᠬᠣᠰᠢᠭᠤᠨ ᠬᠣᠷᠢᠭᠤᠯ ᠤᠨ ᠭᠠᠵᠠᠷ

            ᠮᠠᠩᠭᠣᠳ ᠤᠷᠭᠤᠮᠠᠯ ᠪᠢᠴᠢᠪᠡ

                  2016.7.15

ᠰᠢᠯᠦᠭ ᠦᠨ ᠡᠬᠡ ᠨᠣᠣᠷᠠᠭ

ᠵᠣᠬᠢᠶᠠᠭᠴᠢ ᠮᠠᠩᠭᠣᠳ ᠤᠷᠭᠤᠮᠠᠯ

ᠥᠬᠢᠨ ᠤ ᠬᠠᠮᠲᠤ

info@southmongolia.org