2024 09 02
ᠪᠣᠰᠴᠠᠭ᠎ᠠ! ᠮᠢᠨᠤ ᠥᠪᠥᠷ ᠮᠣᠩᠭᠣᠯ

(ᠨᠠᠶᠢᠷᠠᠭᠤᠯᠤᠭᠴᠢ ᠶᠢᠨ ᠦᠭᠡ)᠄ ᠣᠳᠣ ᠠᠴᠠ ᠠᠷᠪᠠᠭᠠᠳ ᠵᠢᠯ ᠦᠨ ᠡᠮᠦᠨ᠎ᠡ᠂ ᠥᠪᠥᠷ ᠮᠣᠩᠭᠣᠯ ᠵᠠᠯᠠᠭᠤᠰ ᠤᠨ ᠵᠣᠬᠢᠶᠠᠨ ᠳᠠᠭᠤᠯᠠᠭᠰᠠᠨ ᠬᠢᠫ ᠬᠣᠫ ᠳᠠᠭᠤᠤ<< ᠪᠣᠰᠴᠠᠭ᠎ᠠ︕ ᠮᠢᠨᠤ ᠥᠪᠥᠷ ᠮᠣᠩᠭᠣᠯ>>᠃ ᠵᠣᠬᠢᠶᠠᠭᠴᠢ ᠨᠢ ᠲᠣᠳᠤᠷᠬᠠᠢ ᠦᠭᠡᠢ ᠪᠥᠭᠡᠳ ᠣᠳᠣ ᠴᠤ ᠲᠡᠷᠡ ᠬᠡᠪ ᠢᠶᠡᠷ ᠢᠶᠠᠨ᠂ ᠪᠠᠰᠠ ᠡᠯᠳᠡᠪ ᠦᠨ ᠴᠤᠤ ᠶᠠᠷᠢᠶ᠎ᠠ ᠴᠤ ᠶᠠᠷᠢᠭᠳᠠᠳᠠᠭ ᠪᠠᠶᠢᠭᠰᠠᠨ ᠨᠢ ᠦᠨᠡᠨ᠃ ᠭᠡᠪᠡᠴᠦ ᠡᠨᠡ ᠳᠠᠭᠤᠤ ᠥᠪᠥᠷ ᠮᠣᠩᠭᠣᠯᠴᠤᠳ ᠤᠨ ᠳᠤᠮᠳᠠ ᠮᠠᠷᠲᠠᠭᠳᠠᠬᠤ ᠦᠭᠡᠢ᠃ ᠣᠳᠤ ᠪᠢᠳᠡᠨ ᠦ ᠥᠪᠥᠷ ᠮᠣᠩᠭᠣᠯᠴᠤᠳ ᠲᠤ ᠴᠤᠬᠤᠮ ᠶᠠᠭᠤ ᠦᠯᠡᠳᠡᠵᠦ ᠪᠠᠶᠢᠭ᠎ᠠ ᠶᠤᠮ ᠪᠣᠯ︖ ᠮᠠᠨ ᠤ ᠮᠠᠯ ᠲᠠᠷᠢᠶ᠎ᠠ᠂ ᠨᠤᠲᠤᠭ ᠪᠡᠯᠴᠢᠭᠡᠷ ᠶᠠᠭᠠᠬᠢᠪᠠ︖ ᠪᠢᠳᠡᠨ ᠤ ᠦᠷ᠎ᠡ ᠬᠡᠦᠬᠡᠳ ᠣᠳᠣ ᠥᠪᠡᠷᠰᠡᠳ ᠦᠨ ᠢᠶᠠᠨ ᠳᠤᠷ᠎ᠠ ᠪᠠᠷ ᠪᠣᠰᠤ ᠴᠤ ᠭᠡᠰᠡᠨ ᠬᠢᠲᠠᠳ  ᠢᠶᠠᠷ ᠰᠤᠷᠬᠤ ᠪᠣᠯᠪᠠ᠃ ᠪᠢᠳᠡᠨ ᠦ ᠦᠦᠬᠡ ᠲᠡᠦᠬᠡ᠂ ᠥᠪ ᠰᠣᠶᠣᠯ ᠭᠡᠵᠦ ᠪᠢᠳᠡ ᠵᠣᠪᠠᠵᠤ ᠪᠠᠶᠢᠭ᠎ᠠ ᠦᠦ︖ ᠥᠪᠡᠷᠰᠡᠳ ᠦᠨ ᠬᠡᠯᠡ ᠪᠡᠷ ᠢᠶᠡᠨ ᠰᠤᠷᠬᠤ ᠡᠷᠬᠡ ᠪᠡᠨ ᠬᠦᠷᠲᠡᠯ᠎ᠡ ᠠᠯᠳᠠᠴᠢᠬᠠᠭᠰᠠᠨ ᠪᠢᠳᠡ᠂ ᠪᠢᠳᠡᠨ ᠳᠦ ᠦᠨᠡᠬᠡᠷ ᠡᠨᠡ ᠪᠠᠶᠢᠨ᠎ᠠ ᠲᠡᠷᠡ ᠪᠠᠶᠢᠨ᠎ᠠ ᠭᠡᠳ ᠮᠠᠵᠤᠭᠤᠯᠤᠭᠠᠳ ᠪᠠᠶᠢᠭ᠎ᠠ ᠶᠤᠮ ᠪᠠᠶᠢᠭ᠎ᠠ ᠶᠤᠮ ᠪᠣᠯᠪᠠ ᠦᠦ ᠳ᠋ᠡ᠃ ᠪᠢᠳᠡᠨ ᠳᠦ ᠴᠣᠬᠣᠮ ᠶᠠᠮᠠᠷ ᠵᠠᠮ ᠦᠯᠡᠳᠡᠵᠦ ᠪᠠᠶᠢᠭ᠎ᠠ ᠪᠣᠯ︖

ᠪᠣᠰᠴᠠᠭ᠎ᠠ︕ ᠮᠢᠨᠤ ᠥᠪᠥᠷ ᠮᠣᠩᠭᠣᠯ

( ᠳᠠᠭᠤᠨ ᠤ ᠰᠢᠯᠦᠭ ᠢ ᠰᠣᠨᠣᠰᠣᠨ ᠪᠢᠴᠢᠭᠰᠡᠨ ᠲᠤᠯᠠ ᠡᠨᠳᠡᠭᠦᠦ ᠪᠤᠷᠤᠭᠤ ᠪᠠᠶᠢᠵᠤ ᠮᠠᠭᠠᠳ᠂ ᠵᠠᠯᠠᠷᠠᠭᠤᠯᠤᠨ ᠤᠩᠰᠢᠨ᠎ᠠ ᠦᠦ)

ᠡᠨᠡ ᠬᠣᠷᠸ᠎ᠠ ᠶᠢ ᠦᠵᠡᠨ ᠶᠠᠳᠠᠨ᠎ᠠ

ᠡᠨᠡ ᠠᠮᠢᠳᠤᠷᠠᠯ ᠡᠷᠢᠶᠡᠨ ᠪᠠᠷᠢᠶᠠᠨ ᠨᠢᠯᠪᠤᠰᠤ ᠬᠠᠲᠠᠨ᠎ᠠ

ᠢᠩᠬᠢᠵᠦ ᠪᠣᠳᠤᠬᠤ ᠪᠠᠷ ᠡᠯᠳᠡᠪ ᠮᠠᠭᠤ ᠰᠤᠪᠢᠩ ᠲᠠᠲᠠᠨ᠎ᠠ

ᠴᠢᠳᠠᠯ ᠲᠠᠢ ᠨᠢ ᠴᠢᠳᠠᠯ ᠦᠭᠡᠢ ᠳᠡᠬᠡᠨ ᠳᠡᠭᠡᠷᠬᠡᠯᠡᠵᠦ ᠪᠠᠶᠢᠳᠠᠭ ᠰᠣᠨᠢᠨ ᠬᠠᠴᠢᠨ

 ᠪᠣᠰ ᠡ᠂ ᠡᠨᠡ ᠬᠣᠶᠠᠷ ᠡᠳᠦᠷ ᠦᠨ ᠬᠣᠣᠰ ᠡ

 ᠦᠨᠡᠨ ᠶᠣᠰᠣ ᠨᠡᠶᠢᠭᠡᠮ ᠵᠢᠷᠤᠮ ᠤᠨ ᠬᠠᠷᠠᠩᠭᠤᠢ ᠳᠤ ᠳᠠᠷᠤᠭᠳᠠᠭᠰᠠᠨ

ᠮᠢᠨᠤ ᠥᠪᠥᠷ ᠮᠣᠩᠭᠣᠯᠴᠤᠳ

 ᠨᠢᠭᠡ ᠨᠢᠭᠡᠨ ᠡᠴᠡ ᠪᠡᠨ ᠳᠡᠭᠡᠭᠦᠷ ᠭᠠᠷᠬᠤ ᠭᠡᠵᠦ

ᠮᠡᠳᠡᠷᠡᠯ ᠠᠯᠳᠠᠨ ᠱᠣᠩᠬᠤᠯᠵᠠᠭᠠᠳ

ᠬᠠᠷᠢᠨ ᠬᠢᠲᠠᠳ ᠤᠨ ᠡᠮᠦᠨ᠎ᠡ  ᠪᠣᠯᠬᠤᠷ

ᠳᠤᠩᠬᠤᠯᠵᠠᠭᠠᠳ ᠡᠷᠬᠡ ᠴᠢᠯᠦᠭᠡ

ᠬᠠᠶᠢᠷᠠᠨ ᠰᠠᠶᠢᠬᠠᠨ ᠨᠤᠲᠤᠭ ᠰᠢᠷᠤᠢ

ᠡᠪᠳᠡᠷᠡᠭᠰᠡᠨ ᠮᠡᠲᠦ  ᠥᠮᠬᠦᠯᠦᠭᠰᠡᠨ

17ᠳ᠋ᠤᠭᠠᠷ ᠵᠠᠭᠤᠨ ᠢᠶᠠᠷ ᠲᠦᠭᠵᠢᠷᠡᠵᠦ

21 ᠢ ᠳᠠᠪᠠᠲᠠᠯ᠎ᠠ ᠤᠨᠠᠭᠰᠠᠨ

ᠠᠷᠪᠠᠨ ᠬᠡᠳᠦᠬᠡᠨ ᠨᠠᠰᠤᠲᠠᠢ ᠪᠠᠯᠴᠢᠷ ᠨᠠᠰᠤ ᠰᠢᠭ᠋ ᠮᠢᠨᠤ ᠥᠪᠥᠷ ᠮᠣᠩᠭᠣᠯ

ᠣᠳᠣ ᠪᠣᠰᠬᠣ ᠪᠣᠯᠣᠭᠰᠠᠨ ᠰᠢᠦ

ᠡᠰᠡᠪᠡᠯ ᠣᠷᠤ ᠲᠠᠰᠤᠷᠠᠬᠤ ᠨᠢ ᠡ

ᠡᠨᠡ ᠬᠡᠳᠦᠨ ᠬᠢᠲᠠᠳ ᠤᠳ ᠲᠤ ᠢᠳᠡᠭᠳᠡᠨ ᠰᠠᠭᠤᠵᠤ

ᠪᠢᠳᠡᠨ ᠦ ᠨᠠᠰᠤ ᠪᠠᠷᠠᠬᠤ ᠨᠢ ᠡ

ᠡᠵᠡᠨ ᠴᠢᠩᠭᠢᠰ ᠡᠪᠦᠭᠡ ᠳᠡᠭᠡᠳᠦᠰ

ᠡᠷᠲᠡᠨ ᠦ ᠪᠠᠭᠠᠲᠤᠷ ᠮᠣᠩᠭᠣᠯ ᠶᠠᠰᠤᠲᠠᠨ ᠤᠳ

ᠡᠳᠦᠢ ᠴᠤ ᠭᠡᠰᠡᠨ ᠪᠢᠳᠡᠨ ᠦ ᠳᠡᠭᠡᠷ᠎ᠡ ᠡᠴᠡ ᠬᠠᠷᠠᠵᠤ ᠯᠠ ᠰᠠᠭᠤᠭ᠎ᠠ ᠂ ᠦᠵᠡᠵᠦ ᠯᠡ ᠰᠠᠭᠤᠭ᠎ᠠ

ᠡᠨᠡ ᠪᠢᠳᠡᠨ ᠦ ᠭᠠᠷ ᠳᠡᠭᠡᠷ᠎ᠡ ᠬᠠᠶᠢᠷᠠᠨ ᠮᠣᠩᠭᠣᠯ ᠦᠨᠳᠦᠰᠦ ᠮᠦᠬᠦᠬᠦ ᠨᠢ ᠡ

ᠡᠨᠡ ᠪᠢᠳᠡᠨ ᠦ ᠥᠪᠥᠷ ᠳᠡᠭᠡᠷ᠎ᠡ ᠬᠠᠷᠢᠨ ᠮᠣᠩᠭᠣᠯ ᠤᠳᠤᠮ ᠲᠠᠰᠤᠷᠠᠬᠤ ᠨᠢ ᠡ

ᠪᠣᠰᠴᠠᠭ᠎ᠠ︕ ᠮᠢᠨᠤ ᠳᠠᠷᠤᠯᠠᠭᠳᠠᠭᠰᠠᠨ ᠥᠪᠥᠷ ᠮᠣᠩᠭᠣᠯ

ᠪᠣᠰᠴᠠᠭ᠎ᠠ︕ ᠮᠢᠨᠤ ᠲᠣᠣᠷᠯᠠᠭᠳᠠᠭᠰᠠᠨ ᠥᠪᠥᠷ ᠮᠣᠩᠭᠣᠯ

ᠪᠣᠰᠴᠠᠭ᠎ᠠ︕ ᠮᠢᠨᠤ ᠮᠠᠯᠯᠠᠭᠳᠠᠭᠰᠠᠨ ᠥᠪᠥᠷ ᠮᠣᠩᠭᠣᠯ

ᠮᠣᠩᠭᠣᠯ ᠶᠠᠰᠤᠲᠠᠨ ᠤ ᠤᠤᠬᠠᠢ ᠪᠢᠳᠡᠨ ᠢ ᠳᠠᠭᠤᠳᠠᠵᠤ ᠪᠠᠶᠢᠭ᠎ᠠ

ᠪᠣᠰᠴᠠᠭ᠎ᠠ ︕

ᠪᠣᠰᠴᠠᠭ᠎ᠠ︕ᠮᠢᠨᠤ ᠳᠠᠷᠤᠯᠠᠭᠳᠠᠭᠰᠠᠨ ᠥᠪᠥᠷ ᠮᠣᠩᠭᠣᠯ

ᠪᠣᠰᠴᠠᠭ᠎ᠠ︕ ᠮᠢᠨᠤ ᠲᠣᠣᠷᠯᠠᠭᠳᠠᠭᠰᠠᠨ ᠥᠪᠥᠷ ᠮᠣᠩᠭᠣᠯ

ᠪᠣᠰᠴᠠᠭ᠎ᠠ︕ ᠮᠢᠨᠤ ᠮᠠᠯᠯᠠᠭᠳᠠᠭᠰᠠᠨ ᠥᠪᠥᠷ ᠮᠣᠩᠭᠣᠯ

ᠮᠣᠩᠭᠣᠯ ᠶᠠᠰᠤᠲᠠᠨ ᠤ ᠤᠤᠬᠠᠢ ᠪᠢᠳᠡᠨ ᠢ ᠳᠠᠭᠤᠳᠠᠵᠤ ᠪᠠᠶᠢᠭ᠎ᠠ

ᠪᠣᠰᠴᠠᠭ᠎ᠠ︕

ᠠᠬᠠᠨ ᠳᠡᠭᠦᠦᠰ ᠬᠠᠯᠬ᠎ᠠ ᠬᠦᠮᠦᠰ ᠪᠢᠳᠡᠨ ᠢ ᠬᠤᠵᠠ ᠭᠡᠵᠦ ᠳᠠᠭᠤᠳᠠᠳᠠᠭ

 ᠠ ᠶᠠᠭᠠᠬᠢᠬᠤᠪ ᠵᠦᠭᠡᠷ ᠳᠠᠭᠤᠳᠠᠳᠠᠭ  ᠪᠢᠵᠡ ᠡ ᠯᠡ ᠭᠡᠵᠦ ᠪᠢ ᠪᠣᠳᠣᠳᠠᠭ

ᠦᠨᠡᠨ ᠳᠡᠬᠡᠨ ᠲᠡᠶᠢᠮᠦ ᠪᠢᠰᠢ ᠲᠡᠳᠡᠨ ᠦ ᠰᠠᠨᠠᠭ᠎ᠠ ᠪᠢᠳᠡᠨ ᠡᠴᠡ ᠲᠡᠷᠰᠯᠡᠭᠰᠡᠨ

 ᠦᠯᠢᠭᠡᠷ ᠲᠡᠦᠬᠡ ᠪᠡᠨ ᠮᠠᠷᠲᠠᠵᠤ ᠪᠢᠳᠡᠨ ᠢ ᠰᠡᠷᠡᠰᠯᠡᠭᠰᠡᠨ

ᠡᠴᠢᠭᠡ ᠳᠡᠭᠡᠳᠦᠰ ᠪᠥᠷᠳᠡ ᠴᠢᠨᠤᠸ᠎ᠠ ᠣᠷᠤᠰᠢᠨ ᠠᠮᠢᠳᠤᠷᠠᠵᠤ ᠪᠠᠶᠢᠭ᠎ᠠ ᠭᠠᠵᠠᠷ ᠠᠽᠢᠶ᠎ᠠ ᠶᠢᠨ ᠨᠢᠷᠤᠭᠤ ᠴᠤ ᠭᠡᠰᠡᠨ

ᠲᠡᠳᠡᠡ ᠨᠠᠷ ᠪᠢᠳᠡᠨ ᠢ  ᠵᠤᠪᠯᠠᠭ᠎ᠠ ᠬᠡᠦᠬᠡᠳ ᠰᠢᠭ ᠰᠠᠨᠠᠵᠤ  ᠥᠭᠡᠷᠡᠯᠬᠡᠨ᠎ᠡ

ᠲᠦᠷᠦᠯ ᠭᠠᠷᠤᠯ ᠪᠢᠳᠡᠨ ᠢ ᠬᠤᠵᠠ ᠭᠡᠵᠦ ᠰᠢᠭᠣᠳ ᠯᠠ ᠳᠡᠭᠡᠷᠬᠡᠯᠡᠨ᠎ᠡ

ᠣᠷᠣᠰ ᠬᠦᠮᠦᠨ ᠦ ᠭᠠᠷ ᠢᠶᠠᠷ ᠲᠠ ᠨᠠᠷ ᠵᠠᠰᠠᠭ ᠢᠶᠠᠨ ᠪᠠᠷᠢᠭᠤᠯᠵᠤ

ᠢᠯᠠᠭᠠᠭ᠎ᠠ ᠪᠠᠶᠢᠬᠤ ᠦᠭᠡᠢ ᠪᠢᠳᠡ ᠨᠠᠷ ᠮᠠᠭᠤ ᠰᠠᠶᠢᠨ ᠬᠢᠲᠠᠳ ᠢᠶᠠᠷ ᠪᠠᠷᠢᠭᠤᠯᠵᠤ

ᠠᠭᠤᠳᠠᠮ ᠲᠠᠯ᠎ᠠ  ᠨᠤᠲᠤᠭ ᠲᠠᠭᠠᠨ  ᠪᠤᠭᠤᠳᠠᠢ  ᠶᠢᠨ ᠲᠠᠷᠢᠶ᠎ᠠ ᠲᠠᠷᠢᠭᠤᠯᠵᠤ

ᠤᠯᠠᠮ ᠴᠠᠰᠢ ᠨᠢ ᠪᠢᠳᠡ ᠬᠢᠮᠤᠰᠤ ᠪᠠᠨ ᠲᠠᠭᠠᠷᠢᠭᠤᠯᠵᠤ

ᠤᠴᠢᠷ ᠭᠡᠪᠡᠯ ᠡᠶᠢᠮᠦ ᠯᠡ ᠪᠠᠶᠢᠨ᠎ᠠ ᠪᠢᠳᠡ ᠨᠠᠷ ᠵᠠᠶᠠᠭ᠎ᠠ ᠨᠢᠭᠡᠲᠡᠢ ᠮᠣᠩᠭᠣᠯ

ᠠᠬᠠᠨ ᠳᠡᠭᠦᠦᠰ ᠭᠡᠳᠡᠭ ᠪᠠᠶᠢᠨ᠎ᠠ ᠦᠦ ᠪᠢᠳᠡ ᠨᠠᠷ ᠬᠠᠶᠠᠭ᠎ᠠ ᠨᠢᠭᠡᠲᠡᠢ ᠮᠣᠩᠭᠣᠯ

ᠣᠳᠣ ᠪᠢᠳᠡ ᠡᠭᠦᠨ ᠢ ᠶᠠᠷᠢᠬᠤ ᠴᠠᠭ ᠪᠢᠰᠢ  ᠪᠣᠰᠴᠠᠭ᠎ᠠ

ᠣᠳᠣ ᠪᠢᠳᠡ ᠨᠠᠷ ᠰᠠᠨᠠᠭ᠎ᠠ ᠨᠢᠭᠡᠳᠦᠨ ᠪᠣᠰᠬᠣ ᠴᠠᠭ ᠢᠶᠠᠨ ᠰᠣᠨᠤᠰᠴᠠᠭ᠎ᠠ

ᠪᠣᠰᠴᠠᠭ᠎ᠠ︕ ᠮᠢᠨᠤ ᠳᠠᠷᠤᠯᠠᠭᠳᠠᠭᠰᠠᠨ ᠥᠪᠥᠷ ᠮᠣᠩᠭᠣᠯ

ᠪᠣᠰᠴᠠᠭ᠎ᠠ︕ ᠮᠢᠨᠤ ᠲᠣᠣᠷᠯᠠᠭᠳᠠᠭᠰᠠᠨ ᠥᠪᠥᠷ ᠮᠣᠩᠭᠣᠯ

ᠪᠣᠰᠴᠠᠭ᠎ᠠ︕ ᠮᠢᠨᠤ ᠮᠠᠯᠯᠠᠭᠳᠠᠭᠰᠠᠨ ᠥᠪᠥᠷ ᠮᠣᠩᠭᠣᠯ

ᠮᠣᠩᠭᠣᠯ ᠶᠠᠰᠤᠲᠠᠨ ᠤ ᠤᠤᠬᠠᠢ ᠪᠢᠳᠡᠨ ᠢ ᠳᠠᠭᠤᠳᠠᠵᠤ ᠪᠠᠶᠢᠭ᠎ᠠ

ᠪᠣᠰᠴᠠᠭ᠎ᠠ ︕ᠪᠣᠰᠴᠠᠭ᠎ᠠ︕

ᠮᠢᠨᠤ ᠳᠠᠷᠤᠯᠠᠭᠳᠠᠭᠰᠠᠨ ᠥᠪᠥᠷ ᠮᠣᠩᠭᠣᠯ

ᠪᠣᠰᠴᠠᠭ᠎ᠠ︕ ᠮᠢᠨᠤ ᠲᠣᠣᠷᠯᠠᠭᠳᠠᠭᠰᠠᠨ ᠥᠪᠥᠷ ᠮᠣᠩᠭᠣᠯ

ᠪᠣᠰᠴᠠᠭ᠎ᠠ︕ ᠮᠢᠨᠤ ᠮᠠᠯᠯᠠᠭᠳᠠᠭᠰᠠᠨ ᠥᠪᠥᠷ ᠮᠣᠩᠭᠣᠯ

ᠮᠣᠩᠭᠣᠯ ᠶᠠᠰᠤᠲᠠᠨ ᠤ ᠤᠤᠬᠠᠢ ᠪᠢᠳᠡᠨ ᠢ ᠳᠠᠭᠤᠳᠠᠵᠤ ᠪᠠᠶᠢᠭ᠎ᠠ

ᠪᠣᠰᠴᠠᠭ᠎ᠠ︕

ᠨᠢᠭᠡ ᠮᠢᠩᠭ᠎ᠠ ᠶᠢᠰᠦᠨ ᠵᠠᠭᠤ ᠳᠦᠴᠢᠨ ᠳᠣᠯᠤᠭ᠎ᠠ

ᠨᠡᠶᠢᠭᠡᠮ ᠵᠢᠷᠤᠮ ᠢᠶᠠᠷ ᠥᠪᠡᠷᠲᠡᠭᠡᠨ ᠵᠠᠰᠠᠭᠰᠠᠨ᠂  ᠨᠣᠬᠠᠢ ᠳᠣᠯᠢᠶᠠ

ᠲᠡᠷᠡ ᠯᠠ ᠴᠠᠭ ᠠᠴᠠ ᠡᠨᠡ ᠯᠠ ᠬᠢᠲᠠᠳ ᠤᠳ ᠪᠢᠳᠡᠨ ᠢ ᠳᠠᠷᠤᠯᠠᠭᠰᠠᠨ ᠳᠠᠷᠤᠯᠠᠭᠰᠠᠨ

ᠡᠷᠬᠡ ᠴᠢᠯᠦᠭᠡᠨ ᠦ ᠨᠠᠷᠠᠨ ᠡᠭᠦᠯᠡᠨ ᠴᠠᠭᠠᠭᠤᠷ ᠪᠠᠯᠠᠷᠠᠭᠰᠠᠨ ᠪᠠᠯᠠᠷᠠᠭᠰᠠᠨ

ᠮᠡᠯᠡᠯᠵᠡᠭᠰᠡᠨ ᠮᠣᠩᠭᠣᠯ ᠴᠢᠰᠤ ᠮᠢᠨᠤ ᠴᠡᠭᠡᠵᠢᠨ ᠳᠣᠲᠤᠷ᠎ᠠ ᠪᠤᠴᠠᠯᠵᠤ ᠪᠠᠶᠢᠨᠠᠮ

ᠲᠠᠮᠢᠷᠳᠠᠭᠰᠠᠨ ᠮᠣᠩᠭᠣᠯ ᠮᠦᠬᠦᠬᠦ ᠭᠡᠨ᠎ᠡ ᠡ᠂ ᠡᠵᠡᠨ ᠴᠢᠩᠭᠢᠰ ᠬᠠᠮᠢᠭ᠎ᠠ ᠪᠠᠶᠢᠨᠠᠮ

 ᠲᠣᠭᠰᠢᠨ ᠰᠠᠯᠬᠢ ᠰᠢᠭ᠋ ᠮᠣᠷᠢᠲᠤ ᠴᠡᠷᠢᠭ ᠦᠨ ᠲᠠᠨᠢ ᠠᠩᠬᠠᠨ ᠤ ᠡᠩᠨᠡᠭᠡᠨ ᠳᠦ ᠪᠢᠳᠡ ᠵᠢᠭᠰᠠᠶ᠎ᠠ

ᠲᠡᠦᠬᠡᠨ ᠦᠯᠡᠳᠡᠭᠰᠡᠨ ᠬᠦᠮᠦᠨ ᠴᠢᠯᠠᠭᠤ ᠰᠢᠭ᠋ ᠰᠥᠨᠢ ᠶᠢᠨ ᠬᠡᠪᠲᠡᠭᠦᠯ ᠪᠢᠳᠡ ᠵᠣᠭᠰᠤᠶ᠎ᠠ

 ᠪᠢᠳᠡ ᠨᠠᠷ ᠴᠢᠨᠢ ᠦᠷᠭᠡᠨ ᠣᠯᠠᠨ ᠮᠣᠩᠭᠣᠯᠴᠤᠳ ᠪᠢᠳᠡᠨ ᠦ ᠰᠠᠨᠠᠭ᠎ᠠ  ᠨᠡᠶᠢᠯᠡᠨ᠎ᠡ

 ᠪᠢᠳᠡ ᠨᠠᠷ ᠴᠢᠨᠢ  ᠥᠰᠢᠶ᠎ᠡ  ᠬᠢᠰᠣᠯ ᠢᠶᠠᠨ ᠠᠪᠤᠨ᠎ᠠ

ᠪᠢᠳᠡᠨ ᠡᠷᠬᠡ ᠴᠢᠯᠦᠭᠡᠨ ᠦ ᠰᠢᠨ᠎ᠡ ᠠᠭᠠᠷ ᠢᠶᠠᠷ ᠠᠮᠢᠰᠬᠤᠶ᠎ᠠ

ᠪᠢᠳᠡ ᠬᠦᠰᠡᠵᠦ ᠲᠤᠰᠠᠭᠠᠷ ᠲᠣᠭᠲᠠᠨᠢᠯ ᠢ ᠪᠢᠳᠡ ᠬᠦᠰᠡᠵᠦ ᠪᠠᠶᠢᠨ᠎ᠠ

ᠵᠣᠷᠢᠭᠰᠠᠨ ᠵᠦᠢᠯ ᠢᠶᠡᠨ ᠲᠡᠮᠡᠴᠡᠵᠦ ᠪᠠᠶᠢᠭᠠᠳ ᠶᠠᠮᠠᠷ ᠴᠤ ᠪᠠᠶᠢᠭᠰᠠᠨ ᠪᠢ ᠪᠤᠴᠠᠬᠤ ᠦᠭᠡᠢ

ᠵᠢᠷᠤᠭᠰᠠᠨ ᠵᠢᠷᠤᠭ ᠡᠨᠡ ᠯᠡ  ᠬᠡᠮᠡᠨ ᠨᠣᠮᠤᠢ ᠰᠠᠭᠤᠶ᠎ᠠ ᠭᠡᠵᠦ ᠪᠢ ᠬᠤᠴᠠᠬᠤ ᠦᠭᠡᠢ

ᠥᠪᠡᠷᠰᠡᠳ ᠦᠨ ᠢᠶᠡᠨ ᠭᠠᠷ ᠢᠶᠠᠷ ᠪᠢᠳᠡ ᠰᠢᠨ᠎ᠡ ᠬᠢᠯᠢ ᠶᠢᠨ ᠱᠤᠭᠤᠮ ᠢᠶᠠᠨ ᠵᠢᠷᠤᠶ᠎ᠠ

ᠥᠩᠭᠡᠷᠡᠭᠰᠡᠨ ᠵᠠᠭᠤᠨ ᠤ ᠲᠡᠦᠬᠡ ᠶᠢ ᠳᠡᠭᠡᠳᠦ ᠲᠡᠭᠷᠢ ᠶᠢᠨ ᠵᠠᠷᠯᠢᠭ ᠢᠶᠠᠷ ᠤᠷᠠᠶ᠎ᠠ

ᠪᠣᠰᠴᠠᠭ᠎ᠠ︕ ᠮᠢᠨᠤ ᠳᠠᠷᠤᠯᠠᠭᠳᠠᠭᠰᠠᠨ ᠥᠪᠥᠷ ᠮᠣᠩᠭᠣᠯ

ᠪᠣᠰᠴᠠᠭ᠎ᠠ︕ ᠮᠢᠨᠤ ᠲᠣᠣᠷᠯᠠᠭᠳᠠᠭᠰᠠᠨ ᠥᠪᠥᠷ ᠮᠣᠩᠭᠣᠯ

ᠪᠣᠰᠴᠠᠭ᠎ᠠ︕ ᠮᠢᠨᠤ ᠮᠠᠯᠯᠠᠭᠳᠠᠭᠰᠠᠨ ᠥᠪᠥᠷ ᠮᠣᠩᠭᠣᠯ

ᠮᠣᠩᠭᠣᠯ ᠶᠠᠰᠤᠲᠠᠨ ᠤ ᠤᠤᠬᠠᠢ ᠪᠢᠳᠡᠨ ᠢ ᠳᠠᠭᠤᠳᠠᠵᠤ ᠪᠠᠶᠢᠭ᠎ᠠ

ᠪᠣᠰᠴᠠᠭ᠎ᠠ ︕ᠪᠣᠰᠴᠠᠭ᠎ᠠ︕

ᠮᠢᠨᠤ ᠳᠠᠷᠤᠯᠠᠭᠳᠠᠭᠰᠠᠨ ᠥᠪᠥᠷ ᠮᠣᠩᠭᠣᠯ

ᠪᠣᠰᠴᠠᠭ᠎ᠠ︕ ᠮᠢᠨᠤ ᠲᠣᠣᠷᠯᠠᠭᠳᠠᠭᠰᠠᠨ ᠥᠪᠥᠷ ᠮᠣᠩᠭᠣᠯ

ᠪᠣᠰᠴᠠᠭ᠎ᠠ︕ ᠮᠢᠨᠤ ᠮᠠᠯᠯᠠᠭᠳᠠᠭᠰᠠᠨ ᠥᠪᠥᠷ ᠮᠣᠩᠭᠣᠯ

ᠮᠣᠩᠭᠣᠯ ᠶᠠᠰᠤᠲᠠᠨ ᠤ ᠤᠤᠬᠠᠢ ᠪᠢᠳᠡᠨ ᠢ ᠳᠠᠭᠤᠳᠠᠵᠤ ᠪᠠᠶᠢᠭ᠎ᠠ

ᠪᠣᠰᠴᠠᠭ᠎ᠠ︕

info@southmongolia.org