3 ᠰᠠᠷ᠎ᠠ ᠶᠢᠨ 8 ᠦ ᠡᠳᠦᠷ ᠪᠣᠯ ᠣᠯᠠᠨ ᠤᠯᠤᠰ ᠤᠨ ᠡᠮᠡᠭᠲᠡᠢᠴᠦᠳ ᠦᠨ ᠡᠷᠬᠡ ᠶᠢ ᠬᠠᠮᠠᠭᠠᠯᠠᠬᠤ ᠡᠳᠦᠷ ᠪᠣᠯᠣᠨ᠎ᠠ᠃ ᠲᠤᠰ ᠡᠳᠦᠷ ᠶᠠᠫᠣᠨ ᠤᠯᠤᠰ ᠲᠤ ᠠᠵᠢᠯᠯᠠᠵᠤ ᠠᠮᠢᠳᠤᠷᠠᠳᠠᠭ ᠡᠮᠦᠨᠡᠲᠦ ᠮᠣᠩᠭᠣᠯ᠂ ᠲᠥᠪᠡᠳ᠂ ᠣᠢᠭᠣᠷ ᠪᠦᠰᠡᠭᠦᠢᠴᠦᠳ ᠶᠠᠫᠣᠨ ᠤ ᠤᠯᠤᠰ ᠤᠨ ᠬᠤᠷᠠᠯ ᠤᠨ ᠲᠢᠩᠬᠢᠮ ᠦᠨ ᠡᠮᠦᠨ᠎ᠡ ᠴᠤᠭᠯᠠᠷᠠᠵᠤ᠂ ᠬᠢᠲᠠᠳ ᠲᠤ ᠪᠣᠯᠵᠤ ᠪᠠᠢᠭ᠎ᠠ ᠦᠨᠳᠦᠰᠦᠲᠡᠨ ᠦ ᠳᠠᠷᠤᠯᠠᠯ᠂ ᠬᠠᠢᠯᠤᠭᠤᠯᠤᠨ ᠤᠰᠠᠳᠬᠠᠬᠤ ᠪᠣᠳᠣᠯᠭ᠎ᠠ ᠶᠢ ᠡᠰᠡᠷᠭᠦᠴᠡᠨ ᠴᠤᠭᠯᠠᠷᠠᠪᠠ᠃
ᠦᠨᠦᠳᠦᠷ ᠪᠣᠯ ᠣᠯᠠᠨ ᠤᠯᠤᠰ ᠤᠨ ᠡᠮᠡᠭᠲᠡᠢᠴᠦᠳ ᠤ ᠡᠷᠬᠡ ᠶᠢ ᠬᠠᠮᠠᠭᠠᠯᠠᠬᠤ ᠡᠳᠦᠷ ᠪᠣᠶᠣ ᠮᠠᠷᠲ ᠤᠨ 8 ᠶᠢᠨ ᠡᠳᠦᠷ ᠲᠤᠯᠠ᠂ ᠡᠮᠡᠭᠲᠡᠢᠴᠦᠳ ᠭᠣᠣᠯ ᠲᠠᠢ ᠴᠤᠭᠯᠠᠷᠠᠨ᠂ ᠬᠢᠲᠠᠳ ᠲᠠᠬᠢ ᠡᠮᠡᠭᠲᠡᠢᠴᠦᠳ ᠦᠨ ᠡᠷᠬᠡ ᠶᠢᠨ ᠵᠦᠷᠢᠴᠡᠭᠳᠡᠯ ᠵᠡᠷᠭᠡ ᠲᠠᠯ᠎ᠠ ᠪᠠᠷ ᠡᠰᠡᠷᠭᠦᠴᠡᠯ ᠢᠯᠡᠷᠬᠡᠢᠯᠡᠭᠰᠡᠨ ᠪᠠᠢᠨ᠎ᠠ ᠬᠡᠮᠡᠨ ᠶᠠᠫᠣᠨ ᠤ 《 ᠰᠠᠨᠺᠸ ᠰᠣᠨᠢᠨ 》 ᠵᠡᠷᠭᠡ ᠴᠤ ᠴᠠᠬᠢᠮ ᠢᠶᠠᠷ ᠮᠡᠳᠡᠭᠡᠯᠡᠭᠰᠡᠨ ᠪᠠᠢᠨ᠎ᠠ᠃ ᠮᠦᠨ ᠮᠡᠳᠡᠭᠡᠯᠡᠯ ᠳᠦ ᠡᠮᠦᠨᠡᠲᠦ ᠮᠣᠩᠭᠣᠯ ᠪᠦᠰᠡᠭᠦᠢ 《 ᠪᠢᠳᠡᠨᠡᠷ ᠲᠦ ᠪᠣᠯᠵᠤ ᠪᠠᠢᠭ᠎ᠠ ᠥᠨᠥᠳᠥᠷ ᠦᠨ ᠪᠠᠢᠳᠠᠯ ᠶᠠᠫᠣᠨ ᠳᠤ ᠴᠤ ᠢᠷᠡᠭᠡᠳᠦᠢ ᠳᠦ ᠪᠣᠯᠬᠣ ᠮᠠᠭᠠᠳᠯᠠᠯ ᠥᠨᠳᠥᠷ ᠪᠣᠢ᠃ ᠶᠠᠫᠣᠨ ᠤ ᠤᠯᠤᠰ ᠲᠥᠷᠥᠴᠢᠳ ᠣᠷᠣᠰ ᠲᠤ ᠭᠠᠷᠭᠠᠵᠤ ᠪᠠᠢᠭ᠎ᠠ ᠠᠭᠤᠷ ᠬᠢᠯᠢᠩ ᠢᠶᠡᠨ ᠬᠢᠲᠠᠳ ᠲᠤ ᠴᠤ ᠬᠠᠨᠲᠤᠭᠠᠳ ᠭᠠᠷᠭᠠᠵᠵᠤ ᠪᠠᠢᠬᠤ ᠶᠢ ᠬᠦᠰᠡᠵᠦ ᠪᠠᠢᠨ᠎ᠠ 》 ᠭᠡᠵᠦ ᠤᠷᠢᠶᠠᠯᠠᠵᠠᠢ᠃
ᠲᠤᠰ ᠴᠤᠭᠯᠠᠭᠠᠨ ᠳᠤ ᠲᠣᠬᠢᠶᠠᠯᠳᠤᠭᠤᠯᠤᠨ ᠶᠠᠫᠣᠨ ᠤ ᠤᠯᠤᠰ ᠤᠨ ᠬᠤᠷᠠᠯ ᠤᠨ ᠭᠡᠰᠢᠭᠦᠨ ᠶᠠᠮᠠᠳᠠ ᠾᠢᠷᠣᠰᠢ ᠠᠴᠠ ᠮᠸᠰᠰᠸᠵᠢ ᠢᠷᠡᠭᠦᠯᠦᠭᠰᠡᠨ ᠪᠠᠢᠨ᠎ᠠ᠃ ᠲᠡᠭᠦᠨ ᠳᠦ 《 ᠣᠯᠠᠨ ᠤᠯᠤᠰ ᠤᠨ ᠬᠦᠮᠦᠨ ᠦ ᠡᠷᠬᠡ ᠶᠢ ᠬᠠᠮᠠᠭᠠᠯᠠᠬᠤ ᠡᠳᠦᠷ ᠲᠦ ᠲᠣᠬᠢᠶᠠᠯᠳᠤᠭᠤᠯᠤᠨ᠂ ᠡᠷᠬᠡ ᠴᠢᠯᠦᠭᠡ᠂ ᠠᠷᠠᠳᠴᠢᠯᠠᠯ᠂ ᠬᠠᠣᠯᠢ ᠶᠢᠨ ᠵᠠᠰᠠᠭᠯᠠᠯ ᠪᠣᠯᠣᠨ ᠬᠦᠮᠦᠨ ᠦ ᠡᠷᠬᠡ ᠶᠢ ᠬᠦᠨᠳᠦᠳᠬᠡᠳᠡᠭ ᠤᠯᠤᠰ ᠪᠣᠯᠣᠭᠰᠠᠨ ᠤ ᠬᠤᠪᠢ ᠳᠤ ᠬᠢᠲᠠᠳ ᠲᠤ ᠪᠣᠯᠵᠤ ᠪᠠᠢᠭ᠎ᠠ ᠣᠢᠭᠤᠷ᠂ ᠲᠥᠪᠡᠳ᠂ ᠡᠮᠦᠨᠡᠲᠦ ᠮᠣᠩᠭᠣᠯ ᠳᠠᠬᠢ ᠡᠮᠡᠭᠲᠡᠢᠴᠦᠳ ᠪᠣᠯᠣᠨ ᠬᠡᠦᠬᠡᠳ ᠦᠨ ᠬᠦᠮᠦᠨ ᠦ ᠡᠷᠬᠡ ᠶᠢᠨ ᠵᠦᠷᠢᠴᠡᠭᠳᠡᠯ ᠰᠠᠢᠵᠢᠷᠠᠭᠤᠯᠬᠤ ᠠᠰᠠᠭᠤᠳᠠᠯ ᠳᠤ ᠪᠢᠳᠡ ᠬᠠᠷᠢᠭᠤᠴᠠᠯᠭ᠎ᠠ ᠲᠠᠢ ᠰᠠᠢᠨ ᠠᠵᠢᠯᠯᠠᠬᠤ ᠪᠣᠯᠣᠨ᠎ᠠ 》 ᠭᠡᠵᠦ ᠮᠡᠳᠡᠭᠳᠡᠵᠡᠢ᠃
ᠡᠮᠦᠨᠡᠲᠦ ᠮᠣᠩᠭᠣᠯ ᠤᠨ ᠲᠡᠮᠡᠴᠡᠭᠴᠢ ᠬᠣᠶᠠᠷ ᠪᠦᠰᠡᠭᠦᠢ
ᠶᠠᠫᠣᠨ ᠤ ᠤᠯᠤᠰ ᠤᠨ ᠬᠤᠷᠠᠯ ᠤᠨ ᠭᠡᠰᠢᠭᠦᠨ ᠶᠠᠮᠠᠳᠠ ᠾᠢᠷᠣᠰᠢ ᠠᠴᠠ ᠢᠷᠡᠭᠦᠯᠦᠭᠰᠡᠨ ᠮᠸᠰᠰᠸᠵᠢ