ᠡᠮᠦᠨᠡᠲᠦ ᠮᠣᠩᠭᠣᠯ ᠤᠨ ᠶᠡᠬᠡ ᠬᠤᠷᠠᠯᠳᠠᠢ ᠶ᠋ᠢᠨ ᠮᠡᠳᠡᠭᠳᠡᠯ

ᠰᠡᠳᠭᠦᠯᠴᠢ ᠵᠣᠬᠢᠶᠠᠯᠴᠢ᠂ ᠨᠡᠢᠲᠡᠯᠡᠭᠴᠢ᠂ ᠴ᠂ ᠮᠥᠩᠬᠡᠪᠠᠶᠠᠷ ᠨᠢ ᠴᠢᠩ ᠰᠢᠳᠤᠷᠭᠤ ᠡᠬᠡ ᠣᠷᠣᠨᠴᠢ ᠰᠡᠬᠡᠭᠡᠲᠡᠨ ᠬᠦᠮᠦᠨ ᠪᠦᠭᠡᠳ ᠮᠣᠩᠭᠣᠯ ᠤᠯᠤᠰ ᠤᠨ ᠢᠶᠠᠨ ᠢᠵᠠᠭᠤᠷ ᠡᠷᠬᠡ ᠠᠰᠢᠭ ᠂ ᠦᠨᠳᠦᠰᠦᠲᠡᠨ ᠦ ᠠᠶᠤᠯ ᠦᠭᠡᠢ ᠪᠠᠢᠳᠠᠯ ᠳᠠᠭᠠᠨ ᠥᠷᠭᠦᠯᠵᠢ ᠰᠠᠨᠠᠭ᠎ᠠ ᠴᠢᠯᠡᠭᠡᠨ᠂ ᠰᠢᠳᠤᠷᠭᠤ᠂ ᠲᠠᠢᠪᠣᠩ ᠵᠠᠮ ᠢᠶᠠᠷ ᠬᠠᠤᠯᠢ ᠵᠢᠷᠤᠮ ᠢ ᠪᠠᠷᠢᠮᠲᠠᠯᠠᠨ ᠦᠵᠡᠯ ᠪᠣᠳᠤᠯᠭ᠎ᠠ ᠪᠠᠨ ᠢᠯᠡᠷᠬᠡᠢᠵᠦ ᠪᠠᠢᠳᠠᠭ ᠵᠢᠷ ᠦᠨ ᠨᠢᠭᠡᠨ ᠰᠢᠳᠤᠷᠭᠤ ᠰᠡᠬᠡᠭᠡᠲᠡᠨ ᠬᠦᠮᠦᠨ ᠪᠢᠯᠡ᠃ ᠲᠡᠭᠦᠪᠡᠷ ᠦᠯᠦ ᠪᠠᠷᠠᠨ᠂ ᠴ᠂ ᠮᠥᠩᠬᠡᠪᠠᠶᠠᠷ ᠮᠠᠨᠢ ᠬᠦᠨᠳᠦ ᠪᠡᠷᠬᠡ ᠳᠠᠷᠤᠯᠠᠯ ᠳᠣᠣᠷ᠎ᠠ ᠵᠣᠪᠠᠨ ᠵᠦᠳᠡᠵᠦ ᠪᠠᠢᠭ᠎ᠠ ᠴᠢᠰᠤ ᠮᠢᠬᠠᠨ ᠤ ᠬᠣᠯᠪᠤᠭᠠᠲᠠᠢ ᠠᠬ᠎ᠠ ᠳᠡᠭᠦᠦ ᠡᠮᠦᠨᠡᠲᠦ ᠮᠣᠩᠭᠣᠯᠴᠤᠳ ᠦᠨ ᠢᠶᠡᠨ ᠭᠠᠰᠢᠭᠤᠨ ᠦᠨᠡᠨ ᠪᠣᠳᠠᠲᠤ ᠪᠠᠢᠳᠠᠯ ᠢ ᠴᠠᠭ ᠲᠤᠬᠠᠢ ᠪᠦᠷᠢ ᠳᠦ ᠨᠢ ᠬᠦᠷᠭᠡᠵᠦ᠂ ᠦᠷᠭᠦᠯᠵᠢ ᠥᠮᠥᠭᠯᠡᠨ ᠳᠡᠮᠵᠢᠵᠦ᠂ ᠲᠠᠰᠤᠷᠠᠯᠲᠠ ᠦᠭᠡᠢ ᠵᠢᠳᠬᠦᠵᠦ᠂ ᠥᠪᠡᠷ  ᠤᠨ ᠳᠠᠭᠤ ᠬᠣᠭᠣᠯᠠᠢ ᠪᠠᠨ ᠲᠠᠰᠤᠷᠠᠯᠲᠠ ᠦᠭᠡᠢ ᠡᠷᠭᠦᠭᠰᠡᠭᠡᠷ ᠢᠷᠡᠭᠰᠡᠨ ᠨᠢᠭᠡᠨ ᠴᠢᠩ ᠰᠢᠳᠤᠷᠭᠤ ᠰᠡᠬᠡᠭᠡᠲᠡᠨ ᠬᠦᠮᠦᠨ ᠶᠠᠭᠠᠬᠢᠬᠤ ᠶᠢᠨ ᠠᠷᠭ᠎ᠠ ᠦᠭᠡᠢ ᠮᠦᠨ ᠪᠢᠯᠡ᠃

2016 ᠣᠨ ᠤ 11 ᠳ᠋ᠤᠭᠡᠷ ᠰᠠᠷ᠎ᠠ ᠳᠤ᠂ ᠶᠠᠫᠣᠨ ᠤᠯᠤᠰ ᠤᠨ ᠲᠣᠣᠺᠢᠣ᠋ ᠬᠣᠲᠠᠨ᠎ᠠ ᠪᠣᠯᠣᠭᠰᠠᠨ 《 ᠡᠮᠦᠨᠡᠲᠦ ᠮᠣᠩᠭᠣᠯ ᠤᠨ ᠶᠡᠬᠡ ᠬᠤᠷᠠᠯᠳᠠᠢ 》 ᠶᠢᠨ ᠠᠩᠬᠠᠳᠤᠭᠠᠷ ᠬᠤᠷᠠᠯ ᠳᠤ ᠴ᠂ ᠮᠥᠩᠬᠡᠪᠠᠶᠠᠷ ᠭᠤᠸᠠᠢ ᠤᠷᠢᠭᠳᠠᠨ ᠢᠷᠡᠵᠦ ᠣᠷᠤᠯᠴᠠᠭᠰᠠᠨ ᠪᠦᠭᠡᠳ ᠮᠣᠩᠭᠣᠯ ᠤᠯᠤᠰ  ᠲᠠᠬᠢ ᠰᠠᠯᠪᠤᠷᠢ ᠶᠢᠨ ᠳᠠᠷᠤᠭ᠎ᠠ ᠪᠠᠷ ᠰᠤᠩᠭᠤᠭᠳᠠᠭᠰᠠᠨ ᠪᠠᠢᠪᠠ᠃ ᠮᠦᠨ ᠨᠢᠳᠤᠨᠤᠨ ᠪᠣᠶᠣ 2021 ᠣᠨ ᠤ 11 ᠳ᠋ᠤᠭᠡᠷ ᠰᠠᠷ᠎ᠠ ᠳᠤ ᠪᠣᠯᠣᠭᠰᠠᠨ 《 ᠡᠮᠦᠨᠡᠲᠦ ᠮᠣᠩᠭᠣᠯ ᠤᠨ ᠶᠡᠬᠡ ᠬᠤᠷᠠᠯᠳᠠᠢ 》 ᠶᠢᠨ ᠬᠣᠶᠠᠳᠤᠭᠠᠷ ᠶᠡᠬᠡ ᠬᠤᠷᠠᠯ ᠳᠤ ᠬᠤᠷᠠᠯᠳᠠᠢ ᠶᠢᠨ ᠳᠡᠳ᠋ ᠲᠡᠷᠢᠭᠦᠨ ᠢᠶᠡᠷ ᠰᠣᠩᠭᠣᠭᠳᠠᠭᠰᠠᠨ ᠶᠤᠮ ( ᠲᠤᠰ ᠬᠤᠷᠠᠯ ᠳᠤ ᠴ᠂ ᠮᠥᠩᠬᠡᠪᠠᠶᠠᠷ ᠭᠤᠸᠠᠢ ᠴᠠᠬᠢᠮ ᠢᠶᠠᠷ ᠣᠷᠣᠯᠴᠠᠭᠰᠠᠨ ᠪᠢᠯᠡ )᠃

ᠤᠰᠠᠳᠴᠤ ᠦᠭᠡᠢ ᠪᠣᠯᠬᠤ ᠭᠡᠵᠦ ᠪᠤᠢ ᠪᠣᠰᠣᠭ᠎ᠠ ᠮᠣᠩᠭᠣᠯ ᠪᠢᠴᠢᠭ᠂ ᠰᠣᠶᠣᠯ ᠢᠶᠠᠨ ᠦᠷ᠎ᠡ ᠬᠣᠢᠴᠢᠰ ᠲᠠᠭᠠᠨ ᠦᠪᠯᠡᠭᠦᠯᠦᠨ ᠦᠯᠡᠳᠡᠭᠡᠬᠦ ᠵᠣᠷᠢᠯᠭ᠎ᠠ ᠲᠠᠢ ᠦᠢᠯᠡ ᠠᠵᠢᠯᠯᠠᠭ᠎ᠠ ᠪᠣᠯᠬᠤ ᠮᠣᠩᠭᠣᠯ ᠤᠯᠤᠰ  ᠲᠤ ᠣᠳᠣ ᠶᠠᠭ ᠶᠠᠪᠤᠭᠳᠠᠵᠤ ᠪᠠᠢᠭ᠎ᠠ 《 ᠮᠢᠨᠤ ᠮᠡᠳᠡᠬᠦ ᠡᠮᠦᠨᠡᠲᠦ ᠮᠣᠩᠭᠣᠯ 》 ᠤᠷᠠᠨ ᠪᠢᠴᠢᠯᠭᠡ ᠶᠢᠨ ᠤᠷᠤᠯᠳᠤᠭᠠᠨ ( 2022 ᠣᠨ ᠤ 2 ᠳ᠋ᠤᠭᠠᠷ ᠰᠠᠷ᠎ᠠ ᠶᠢᠨ 21 ᠡᠴᠡ 2022 ᠣᠨ ᠤ 4 ᠳ᠋ᠤᠭᠡᠷ ᠰᠠᠷ᠎ᠠ ᠶᠢᠨ 25 ᠪᠣᠯᠳᠠᠯ᠎ᠠ ᠶᠠᠪᠤᠭᠳᠠᠬᠤ ᠤᠷᠤᠯᠳᠤᠭᠠᠨ ᠪᠣᠯᠣᠨ᠎ᠠ ᠂ 《 ᠡᠮᠦᠨᠡᠲᠦ ᠮᠣᠩᠭᠣᠯ ᠤᠨ ᠶᠡᠬᠡ ᠬᠤᠷᠠᠯᠳᠠᠢ 》 ᠪᠣᠯᠣᠨ ᠮᠣᠩᠭᠣᠯ ᠤᠯᠤᠰ ᠲᠠᠬᠢ 《 ᠳᠡᠯᠡᠬᠡᠢ ᠶᠢᠨ ᠮᠣᠩᠭᠣᠯᠴᠤᠳ ᠤᠨ ᠬᠣᠯᠪᠤᠭ᠎ᠠ 》 ᠲᠠᠢ ᠬᠠᠮᠲᠤᠷᠠᠨ ᠡᠷᠬᠢᠯᠡᠵᠦ ᠪᠠᠢᠭ᠎ᠠ ) ᠤ ᠭᠣᠣᠯ ᠵᠣᠬᠢᠶᠠᠨ ᠪᠠᠢᠭᠤᠯᠤᠭᠴᠢ ᠪᠢᠯᠡ᠃ ᠮᠠᠨ ᠤ ᠡᠮᠦᠨᠡᠲᠦ ᠮᠣᠩᠭᠣᠯ ᠤᠨ ᠶᠡᠬᠡ ᠬᠤᠷᠠᠯᠳᠠᠢ ᠨᠢ ᠶᠡᠷᠦᠩᠬᠡᠢ ᠵᠣᠬᠢᠶᠠᠨ ᠪᠠᠢᠭᠤᠯᠤᠭᠴᠢ ᠶᠢᠨ ᠬᠤᠪᠢ ᠠᠴᠠ ᠤᠭ ᠠᠷᠭ᠎ᠠ ᠬᠡᠮᠵᠢᠶᠡᠨ ᠳᠦ ᠵᠠᠷᠤᠴᠠᠭᠤᠯᠤᠭᠳᠠᠬᠤ ᠵᠠᠷᠤᠳᠠᠯ ᠢ ᠮᠣᠩᠭᠣᠯ ᠳᠠᠬᠢ ᠲᠥᠯᠥᠭᠡᠯᠡᠭᠴᠢ ᠴ᠂ ᠮᠦᠩᠬᠡᠪᠠᠶᠠᠷ ᠲᠤ ᠭᠣᠪᠢᠭᠤᠯᠤᠭᠰᠠᠨ ᠶᠤᠮ ( ᠪᠢᠳᠡᠨ ᠳᠦ ᠪᠠᠷᠢᠮᠲᠠ ᠨᠣᠲᠠᠯᠠᠭ᠎ᠠ ᠨᠢ ᠪᠠᠢᠭ᠎ᠠ )᠃

ᠬᠠᠷᠢᠨ ᠡᠭᠦᠨ ᠡᠴᠡ ᠪᠣᠯᠵᠤ᠂ ᠡᠬᠡ ᠣᠷᠣᠨᠴᠢ ᠰᠢᠳᠤᠷᠭᠤ ᠰᠡᠬᠡᠭᠡᠲᠡᠨ ᠴ᠂ ᠮᠥᠩᠬᠡᠪᠠᠶᠠᠷ ᠢ 《 ᠬᠠᠷᠢ ᠶᠢᠨ ᠲᠠᠩᠨᠠᠭᠤᠯ ᠤᠨ ᠪᠠᠢᠭᠤᠯᠤᠯᠭ᠎ᠠ ᠲᠠᠢ ᠬᠠᠤᠯᠢ ᠪᠤᠰᠤ ᠪᠠᠷ ᠬᠠᠮᠲᠤᠷᠠᠨ ᠠᠵᠢᠯᠯᠠᠭᠰᠠᠨ 》 ᠭᠡᠬᠦ ᠬᠢᠯᠢᠰ ᠬᠡᠷᠡᠭ ᠢᠶᠡᠷ ᠬᠡᠯᠮᠡᠭᠳᠡᠭᠦᠯᠦᠨ ᠴᠠᠭᠳᠠᠨ ᠬᠣᠷᠢᠵᠤ ᠪᠠᠢᠭ᠎ᠠ ᠳᠤ ᠪᠢᠳᠡ ᠮᠠᠰᠢ ᠶᠡᠬᠡ ᠰᠠᠨᠠᠭᠠᠰᠢᠷᠠᠨ ᠵᠣᠪᠠᠵᠤ ᠪᠣᠢ᠃ 《 ᠡᠮᠦᠨᠡᠲᠦ ᠮᠣᠩᠭᠣᠯ ᠤᠨ ᠶᠡᠬᠡ ᠬᠤᠷᠠᠯᠳᠠᠢ 》 ᠨᠢ ᠠᠯᠢ ᠨᠢᠭᠡᠨ ᠤᠯᠤᠰ ᠣᠷᠣᠨ ᠤ ᠲᠠᠩᠨᠠᠭᠤᠯ ᠤᠨ ᠪᠠᠢᠭᠤᠯᠤᠯᠭ᠎ᠠ ᠪᠢᠰᠢ᠂ ᠠᠯᠢ ᠨᠢᠭᠡ ᠤᠯᠤᠰ ᠤᠨ ᠬᠠᠷᠢᠶᠠᠲᠤ ᠴᠤ ᠪᠢᠰᠢ ᠪᠦᠭᠡᠳ ᠡᠮᠦᠨᠡᠲᠦ ᠮᠣᠩᠭᠣᠯ ᠤᠨ ᠬᠦᠮᠦᠨ ᠦ ᠡᠷᠬᠡ ᠠᠰᠢᠭ᠂ ᠦᠨᠳᠦᠰᠦᠲᠡᠨ ᠤᠭᠰᠠᠭᠠᠲᠠᠨ ᠤ ᠪᠠᠨ ᠥᠪ ᠰᠣᠶᠣᠯ᠂ ᠢᠵᠠᠭᠤᠷ ᠡᠷᠬᠡ ᠠᠰᠢᠭ ᠤᠨ ᠲᠥᠯᠥᠭᠡᠬᠢ ᠵᠣᠬᠢᠶᠠᠨ ᠪᠠᠢᠭᠤᠯᠤᠯᠲᠠ ᠪᠢᠯᠡ᠃

ᠡᠢᠮᠦ ᠡᠴᠡ ᠮᠣᠩᠭᠣᠯ ᠤᠯᠤᠰ ᠤᠨ ᠵᠠᠰᠠᠭ ᠲᠥᠷᠦ ᠪᠣᠯᠣᠨ ᠬᠠᠤᠯᠢ ᠬᠦᠴᠦᠨ ᠦ ᠪᠠᠢᠭᠤᠯᠤᠯᠭ᠎ᠠ  ᠳᠤ ᠬᠠᠨᠲᠤᠬᠤ ᠨᠢ᠌᠄ ᠮᠣᠩᠭᠣᠯ ᠤᠯᠤᠰ ᠤᠨ ᠢᠷᠭᠡᠨ ᠰᠡᠳᠭᠦᠯᠴᠢ᠂ ᠵᠣᠬᠢᠶᠠᠯᠴᠢ ᠴ᠂ ᠮᠥᠩᠬᠡᠪᠠᠶᠠᠷ ᠨᠢ ᠶᠠᠮᠠᠷ ᠨᠢᠭᠡᠨ ᠭᠠᠳᠠᠭᠠᠳᠤ ᠤᠯᠤᠰ ᠣᠷᠣᠨ ᠤ ᠬᠥᠯ ᠭᠠᠷ ᠲᠠᠩᠨᠠᠭᠤᠯ ᠪᠢᠰᠢ᠂ ᠤᠯᠤᠰ ᠤᠨ ᠢᠶᠠᠨ ᠡᠰᠡᠷᠭᠦ ᠶᠠᠮᠠᠷ ᠨᠢᠭᠡ ᠵᠦᠢ ᠪᠤᠰᠤ ᠦᠢᠯᠡᠳᠦᠯ ᠬᠢᠬᠦ ᠬᠦᠮᠦᠨ ᠪᠢᠰᠢ᠂ ᠴᠢᠩ ᠦᠨᠡᠨᠴᠢ ᠰᠢᠳᠤᠷᠭᠤ ᠡᠬᠡ ᠣᠷᠣᠨᠴᠢ ᠬᠦᠮᠦᠨ ᠢ ᠨᠡᠩ ᠳᠠᠷᠤᠢ ᠰᠤᠯᠠᠯᠠᠵᠤ᠂ ᠡᠷᠬᠡ ᠴᠢᠯᠦᠭᠡ ᠶᠢ ᠨᠢ ᠶᠠᠭᠠᠷᠠᠯᠲᠠᠢ ᠪᠤᠴᠠᠭᠠᠨ ᠣᠯᠭᠣᠬᠤ ᠶᠢ ᠴᠢᠩ ᠰᠡᠳᠭᠢᠯ ᠡᠴᠡ ᠪᠡᠨ ᠪᠠᠢᠨ᠎ᠠ᠃

ᠡᠮᠦᠨᠡᠲᠦ ᠮᠣᠩᠭᠣᠯ ᠤᠨ ᠶᠡᠬᠡ ᠬᠤᠷᠠᠯᠳᠠᠢ

2022 ᠣᠨ ᠤ 2 ᠳ᠋ᠤᠭᠠᠷ ᠰᠠᠷ᠎ᠠ ᠶᠢᠨ 21 ᠦ ᠡᠳᠦᠷ

info@southmongolia.org