《 ᠵᠡᠭᠦᠨ ᠬᠣᠢᠲᠤ ᠠᠽᠢᠶ᠎ᠠ ᠶ᠋ᠢᠨ ᠡᠷᠬᠡ ᠴᠢᠯᠦᠭᠡ᠂ ᠦᠨᠳᠦᠰᠦᠲᠡᠨ ᠦ᠌ ᠪᠣᠳᠤᠯᠭ᠎ᠠ 》ᠰᠡᠳᠦᠪᠲᠦ ᠣᠯᠠᠨ ᠤᠯᠤᠰ ᠊ᠤᠨ ᠹᠤᠷᠤᠮ

ᠪᠦᠭᠦᠳᠡ ᠨᠠᠶ᠋ᠢᠷᠠᠮᠳᠠᠬᠤ ᠰᠣᠯᠣᠩᠭᠣᠰ ᠤᠯᠤᠰ(ᠺᠣᠷᠢᠶ᠎ᠠ)ᠲᠠᠬᠢ ᠴᠢᠯᠥᠭᠡᠲᠦ ᠠᠽᠢᠶ᠎ᠠ ᠬᠣᠯᠪᠣᠭᠠᠨ ᠡᠴᠡ ᠵᠣᠬᠢᠶᠠᠨ ᠪᠠᠢᠭᠤᠯᠵᠤ ᠪᠠᠢᠭ᠎ᠠ《 ᠵᠡᠭᠦᠨ ᠬᠣᠶ᠋ᠢᠲᠤ ᠠᠽᠢᠶᠠ ᠵᠢᠨ ᠡᠷᠬᠡ ᠴᠢᠯᠥᠭᠡ ᠂ ᠦᠨᠳᠦᠰᠦᠲᠡᠨ ᠊ᠦ ᠪᠣᠳᠣᠯᠭᠠ ᠵᠢᠨ ᠣᠯᠠᠨ ᠤᠯᠤᠰ ᠊ᠤᠨ ᠹᠤᠷᠤᠮ》 ᠨᠢ ᠪᠦᠭᠦᠳᠡ ᠨᠠᠶ᠋ᠢᠷᠠᠮᠳᠠᠬᠤ ᠰᠣᠯᠣᠩᠭᠣᠰ ᠤᠯᠤᠰ ᠊ᠤᠨ ᠨᠡᠶ᠋ᠢᠰᠯᠡᠯ ᠰᠸᠦᠯ ᠬᠣᠲᠠᠨ ᠳ᠋ᠤ᠌ 8 ᠳ᠋ᠤᠭᠠᠷ ᠰᠠᠷ᠎ᠠ ᠶ᠋ᠢᠨ 19 —— 24 ᠪᠣᠯᠲᠠᠯ᠎ᠠ ᠶᠠᠪᠤᠭᠳᠠᠬᠤ ᠶᠤᠮ ᠪᠠᠢᠨ᠎ᠠ᠃ ᠬᠤᠷᠠᠯ ᠳ᠋ᠤ᠌ ᠮᠣᠩᠭᠣᠯ᠂ ᠲᠥᠪᠡᠳ ᠂ ᠤᠶ᠋ᠢᠭᠤᠷ ᠂ ᠰᠣᠯᠣᠩᠭᠣᠰ ᠂ ᠬᠢᠲᠠᠳ ᠊ᠤ ᠡᠷᠬᠡ ᠴᠢᠯᠥᠭᠡ ᠂ ᠠᠷᠠᠳᠴᠢᠯᠠᠯ ᠊ᠤᠨ ᠲᠥᠯᠦᠭᠡᠬᠢ ᠪᠦᠯᠦᠭ ᠬᠣᠯᠪᠣᠭᠠᠨ ᠊ᠤ ᠲᠥᠯᠥᠭᠡᠯᠡᠭᠴᠢᠳ ᠣᠷᠣᠯᠴᠠᠵᠤ ᠪᠠᠶ᠋ᠢᠭᠠ ᠪᠥᠭᠡᠳ ᠡᠮᠦᠨᠡᠲᠦ ᠮᠣᠩᠭᠣᠯ ᠊ ᠡᠴᠡ ᠡᠮᠦᠨᠡᠲᠦ ᠮᠣᠩᠭᠣᠯ ᠊ᠤᠨ ᠶᠡᠬᠡ ᠬᠤᠷᠠᠯᠲᠠᠢ ᠵᠢᠨ ᠲᠡᠷᠢᠭᠦᠨ ᠱᠣᠪᠴᠢᠭᠤᠳ ᠲᠡᠮᠡᠴᠡᠯᠲᠦ ᠪᠣᠯᠤᠨ ᠳᠡᠳ᠋ ᠲᠡᠷᠢᠭᠦᠨ ᠥᠷᠭᠡᠨ ᠨᠠᠷ ᠣᠷᠣᠯᠴᠠᠵᠤ ᠪᠠᠶ᠋ᠢᠨᠠ ᠃ ᠬᠤᠷᠠᠯ ᠊ᠤᠨ ᠡᠬᠢᠨ ᠊ᠦ ᠡᠳᠦᠷ ᠪᠤᠶᠤ19 ᠊ᠤ ᠡᠳᠦᠷ ᠂ ᠹᠤᠷᠤᠮ ᠨᠢ ᠰᠸᠦᠯ ᠶᠡᠬᠡ ᠰᠤᠷᠭᠠᠭᠤᠯᠢ ᠳ᠋ᠤ᠌ ᠶᠠᠪᠤᠭᠳᠠᠨ ᠂ ᠡᠮᠦᠨᠡᠲᠦ ᠮᠣᠩᠭᠣᠯ ᠊ᠤᠨ ᠶᠡᠬᠡ ᠬᠤᠷᠠᠯᠲᠠᠢ ᠵᠢᠨ ᠲᠡᠷᠢᠭᠦᠨ ᠲᠡᠮᠡᠴᠡᠯᠲᠦ ᠢᠯᠡᠳᠬᠡᠯ ᠬᠢᠵᠡᠢ ᠃

ᠲᠤᠰ ᠤᠳᠠᠭᠠᠨ ᠤ ᠬᠤᠷᠠᠯ ᠹᠤᠷᠤᠮ ᠠᠴᠠ ᠭᠠᠳᠠᠨ᠎ᠠ ᠪᠠᠰᠠ ᠴᠢᠯᠦᠭᠡᠲᠦ ᠶᠠᠷᠢᠯᠴᠠᠯᠤᠭ᠎ᠠ᠂ ᠰᠡᠳᠭᠦᠯᠴᠢ ᠶᠢᠨ ᠪᠠᠭ᠎ᠠ ᠬᠤᠷᠠᠯ ᠵᠢᠴᠢ ᠪᠦᠭᠦᠳᠡ ᠨᠠᠶᠢᠷᠠᠮᠳᠠᠬᠤ ᠰᠣᠯᠣᠩᠭᠣᠰ ᠤᠯᠤᠰ  ᠤᠨ ᠤᠯᠤᠰ ᠲᠦᠷᠦᠴᠢᠳ ᠲᠡᠢ ᠠᠭᠤᠯᠵᠠᠨ᠂ ᠰᠠᠨᠠᠯ ᠪᠣᠳᠣᠯ ᠢᠶᠠᠨ ᠰᠣᠯᠢᠯᠴᠠᠬᠤ ᠵᠡᠷᠭᠡ ᠠᠷᠭ᠎ᠠ ᠬᠡᠮᠵᠢᠶ᠎ᠡ ᠵᠣᠬᠢᠶᠠᠨ ᠪᠠᠶᠢᠭᠤᠯᠤᠭᠳᠠᠬᠤ ᠶᠤᠮ ᠪᠠᠶᠢᠨ᠎ᠠ᠃

ᠡᠮᠦᠨᠡᠲᠦ ᠮᠣᠩᠭᠣᠯ ᠤᠨ ᠶᠡᠬᠡ ᠬᠤᠷᠠᠯᠳᠠᠢ ᠶᠢᠨ ᠳᠠᠷᠤᠭ᠎ᠠ ᠲᠡᠮᠡᠴᠡᠯᠲᠦ ᠭᠤᠸᠠᠢ ᠢᠯᠡᠳᠭᠡᠯ ᠬᠢᠵᠦ ᠪᠠᠶᠢᠭ᠎ᠠ ᠨᠢ

ᠴᠢᠯᠦᠭᠡᠲᠦ ᠶᠠᠷᠢᠯᠴᠠᠯᠭ᠎ᠠ

This image has an empty alt attribute; its file name is 819--------------2.jpg

ᠬᠤᠷᠠᠯ  ᠤᠨ ᠲᠦᠯᠦᠭᠡᠯᠡᠭᠴᠢᠳ

info@southmongolia.org