ᠡᠮᠦᠨᠡᠲᠦ ᠮᠣᠩᠭᠣᠯ ᠤᠨ ᠶᠡᠬᠡ ᠬᠤᠷᠠᠯᠳᠠᠢ ᠶᠢᠨ ᠬᠣᠶᠠᠳᠤᠭᠠᠷ ᠴᠢᠭᠤᠯᠭᠠᠨ 11 ᠳ᠋ᠦ᠋ᠭᠡᠷ ᠰᠠᠷ᠎ᠠ ᠶᠢᠨ 20 ᠡᠴᠡ 25 ᠦ ᠬᠣᠭᠣᠷᠤᠨᠳᠤ ᠶᠠᠫᠣᠨ ᠳᠤ ᠶᠠᠪᠤᠭᠳᠠᠵᠤ ᠪᠠᠢᠨ᠎ᠠ᠃ ᠡᠮᠦᠨᠡᠲᠦ ᠮᠣᠩᠭᠣᠯ ᠤᠨ ᠶᠡᠬᠡ ᠬᠤᠷᠠᠯᠳᠠᠢ ᠨᠢ᠂ ᠡᠵᠡᠨ ᠮᠡᠳᠡᠬᠦ ᠡᠷᠬᠡ᠂ ᠡᠷᠬᠡ ᠴᠢᠯᠦᠭᠡ᠂ ᠬᠦᠮᠦᠨ ᠦ ᠡᠷᠬᠡ ᠶᠢᠨ ᠲᠥᠯᠥᠭᠡᠬᠢ ᠨᠠᠮ ᠬᠣᠯᠪᠤᠭ᠎ᠠ ᠨᠤᠭᠤᠳ ᠤᠨ ᠡᠪᠰᠡᠯ ᠪᠣᠯᠬᠣ ᠶᠤᠮ᠃ 20 ᠦ ᠡᠳᠦᠷ ᠦᠨ ᠬᠤᠷᠠᠯ ᠳᠤ ᠶᠠᠫᠣᠨ ᠠᠴᠠ ᠭᠠᠳᠠᠨ᠎ᠠ᠂ ᠮᠣᠩᠭᠣᠯ᠂ ᠠᠮᠧᠷᠢᠺᠠ᠂ ᠴᠸᠬᠣ᠋᠂ ᠭᠧᠷᠮᠠᠨ᠂ ᠹᠷᠠᠨᠼᠢ᠂ ᠰᠸᠸᠳᠠᠨ᠂ ᠨᠣᠷᠸᠠᠢ ᠵᠡᠷᠭᠡ ᠤᠯᠤᠰ ᠠᠴᠠ ᠢᠳᠡᠪᠬᠢᠲᠡᠳ ᠣᠷᠣᠯᠴᠠᠪᠠ᠃ ᠡᠮᠦᠨᠡᠲᠦ ᠮᠣᠩᠭᠣᠯ ᠤᠨ ᠶᠡᠬᠡ ᠬᠤᠷᠠᠯᠳᠠᠢ ᠶᠢᠨ ᠰᠢᠨ᠎ᠡ ᠨᠢᠭᠡ ᠬᠤᠭᠤᠴᠠᠭᠠᠨ ᠤ ᠤᠳᠤᠷᠢᠳᠬᠤ ᠪᠠᠭ ᠤ ᠰᠣᠩᠭᠤᠭᠤᠯᠢ ᠪᠣᠯᠣᠨ ᠠᠵᠢᠯ ᠴᠢᠭᠯᠡᠯᠲᠡ ᠵᠡᠷᠭᠡ ᠪᠡᠨ ᠬᠡᠯᠡᠯᠴᠡᠭᠰᠡᠨ ᠪᠠᠢᠨ᠎ᠠ᠃
ᠲᠤᠰ ᠡᠳᠦᠷ ᠦᠨ ᠬᠤᠷᠠᠯ ᠳᠤ ᠪᠠᠰᠠ ᠶᠠᠫᠣᠨ ᠳᠠᠬᠢ 《 ᠡᠮᠦᠨᠡᠲᠦ ᠮᠣᠩᠭᠣᠯ ᠢ ᠳᠡᠮᠵᠢᠬᠦ ᠣᠷᠣᠨ ᠨᠤᠲᠤᠭ ᠤᠨ ᠫᠠᠷᠯᠠᠮᠸᠨᠲ ᠤᠨ ᠬᠣᠯᠪᠤᠭᠠᠨ 》 ᠤ ᠳᠠᠷᠤᠭ᠎ᠠ ᠺᠠᠰᠠᠮᠠ᠂ ᠨᠠᠷᠢᠨ ᠪᠢᠴᠢᠭ ᠳᠠᠷᠤᠭ᠎ᠠ ᠶᠠᠮᠠᠮᠣᠲ᠋ᠣ ᠪᠣᠯᠣᠨ 《 ᠡᠮᠦᠨᠡᠲᠦ ᠮᠣᠩᠭᠣᠯ ᠢ ᠳᠡᠮᠵᠢᠬᠦ ᠶᠠᠫᠣᠨᠴᠤᠳ ᠤᠨ ᠬᠤᠷᠠᠯ 》 ᠦᠨ ᠳᠠᠷᠤᠭ᠎ᠠ ᠹᠦᠷᠦᠺᠠᠸᠠ᠂ ᠨᠠᠷᠢᠨ ᠪᠢᠴᠢᠭ ᠦᠨ ᠳᠠᠷᠤᠭ᠎ᠠ ᠰᠠᠲ᠋ᠣ᠋ ᠪᠣᠯᠣᠨ ᠬᠡᠰᠡᠭ ᠭᠡᠰᠢᠭᠦᠳ ᠣᠷᠣᠯᠴᠠᠨ ᠶᠠᠫᠣᠨ ᠳᠠᠬᠢ ᠡᠮᠦᠨᠡᠲᠦ ᠮᠣᠩᠭᠣᠯ ᠤᠨ ᠬᠦᠳᠡᠯᠭᠡᠭᠡᠨ ᠢ ᠬᠡᠷᠬᠢᠨ ᠡᠷᠴᠢᠮᠲᠡᠢ ᠥᠷᠨᠢᠭᠦᠯᠬᠦ ᠲᠤᠬᠠᠢ ᠰᠠᠨᠠᠯ ᠰᠣᠯᠢᠯᠴᠠᠪᠠ᠃
ᠰᠢᠨ᠎ᠡ ᠤᠳᠤᠷᠢᠳᠬᠤ ᠪᠠᠭ ᠲᠦ᠂ ᠲᠡᠷᠢᠭᠦᠨ ᠢᠶᠡᠷ ᠱᠣᠪᠴᠢᠭᠤᠳ ᠲᠡᠮᠡᠴᠡᠯᠲᠦ ( ᠭᠧᠷᠮᠠᠨ )᠂ ᠳᠡᠳ᠋ ᠲᠡᠷᠢᠭᠦᠨ ᠢᠶᠡᠷ ᠣᠯᠬᠤᠨᠤᠳ ᠳᠠᠢᠴᠢᠨ ( ᠶᠠᠫᠣᠨ᠂ ᠪᠠᠢᠩᠭᠤ ᠶᠢᠨ ᠳᠡᠳ᠋ ᠲᠡᠷᠢᠭᠦᠨ᠂ ᠭᠠᠳᠠᠭᠠᠳᠤ ᠬᠠᠷᠢᠯᠴᠠᠭ᠎ᠠ ) ᠣ᠂ ᠥᠷᠭᠡᠨ ( ᠶᠠᠫᠣᠨ᠂ ᠰᠤᠶᠤᠯ ᠱᠠᠰᠢᠨ ᠰᠤᠷᠲᠠᠬᠤᠨ )᠂ ᠴ᠂ ᠮᠥᠩᠬᠡᠪᠠᠶᠠᠷ ( ᠮᠣᠩᠭᠣᠯ᠂ ᠰᠤᠷᠲᠠᠯ ᠤᠬᠠᠭᠤᠯᠭ᠎ᠠ )᠂ ᠶᠡᠷᠥᠩᠬᠡᠢ ᠨᠠᠷᠢᠨ ᠪᠢᠴᠢᠭ ᠦᠨ ᠳᠠᠷᠤᠭ᠎ᠠ ᠪᠠᠷ ᠭᠣᠪᠣᠷᠤᠳ ᠠᠷᠴᠠ ( ᠶᠠᠫᠣᠨ )᠂ ᠳᠡᠳ᠋ ᠳᠠᠷᠤᠭ᠎ᠠ ᠪᠠᠷ ᠠᠯᠲᠠᠨᠬᠤᠸᠠᠷ ( ᠠᠮᠧᠷᠢᠺᠠ )᠂ ᠥᠯᠵᠡᠢ ( ᠶᠠᠫᠣᠨ )᠂ ᠪᠤᠷᠬᠠᠨᠬᠦᠦ ( ᠹᠷᠠᠨᠼᠢ )᠂ ᠪᠦᠲᠦᠭᠡᠭᠴᠢ ( ᠨᠣᠷᠸᠠᠢ ) ᠨᠠᠷ ᠰᠤᠩᠭᠤᠭᠳᠠᠪᠠ᠃
ᠬᠤᠷᠠᠯ ᠳᠤ ᠡᠮᠦᠨᠡᠲᠦ ᠮᠣᠩᠭᠣᠯᠴᠤᠳ ᠤᠨ ᠡᠵᠡᠨ ᠮᠡᠳᠡᠬᠦ ᠡᠷᠬᠡ᠂ ᠡᠷᠬᠡ ᠴᠢᠯᠦᠭᠡ᠂ ᠬᠦᠮᠦᠨ ᠦ ᠡᠷᠬᠡ ᠶᠢᠨ ᠲᠥᠯᠥᠭᠡ ᠤᠯᠠᠮ ᠡᠷᠴᠢ ᠬᠦᠴᠦᠲᠡᠢ ᠲᠡᠮᠡᠴᠡᠬᠦ᠂ ᠡᠮᠦᠨᠡᠲᠦ ᠮᠣᠩᠭᠣᠯᠴᠤᠳ ᠤᠨ ᠡᠰᠡᠷᠭᠦ ᠭᠧᠨᠣᠴᠢᠳ ( ᠬᠣᠮᠣᠷᠭᠠᠯᠠᠨ ᠬᠢᠲᠣᠯᠲᠠ GENOCIDE )᠂ ᠬᠠᠷᠭᠢᠰᠯᠠᠯ ᠤᠳ ᠠᠷᠠᠳᠴᠢᠯᠠᠭᠰᠠᠨ ᠤᠯᠤᠰ ᠤᠳ᠂ ᠣᠯᠠᠨ ᠤᠯᠤᠰ ᠤᠨ ᠪᠠᠢᠭᠤᠯᠤᠯᠭ᠎ᠠ ᠨᠤᠭᠤᠳ ᠢᠶᠠᠷ ᠬᠦᠯᠢᠶᠡᠨ ᠵᠦᠪᠰᠢᠶᠡᠷᠡᠭᠦᠯᠬᠦ ᠭᠡᠬᠦ ᠮᠡᠲᠦ ᠶ᠋ᠢᠨ ᠣᠯᠠᠨ ᠴᠢᠬᠤᠯᠠ ᠠᠰᠠᠭᠤᠳᠠᠯ ᠤᠳ ᠢ ᠶᠠᠷᠢᠯᠴᠠᠭᠰᠠᠨ ᠪᠠᠢᠨ᠎ᠠ᠃ 25 ᠤ᠋ ᠡᠳᠦᠷ ᠲᠣᠰ ᠤᠳᠠᠭᠠᠨ ᠤ ᠴᠢᠭᠤᠯᠭᠠᠨ ᠤ ᠬᠠᠮᠤᠭ ᠰᠡᠭᠦᠯᠴᠢ ᠶᠢᠨ ᠬᠤᠷᠠᠯ ᠢᠶᠠᠨ ᠶᠠᠫᠣᠨ ᠤ ᠫᠠᠷᠯᠠᠮᠸᠨᠲ ᠤᠨ ᠬᠤᠷᠠᠯ ᠤᠨ ᠭᠡᠷ ᠲᠦ ᠬᠤᠷᠠᠯᠳᠤᠬᠤ ᠪᠣᠯᠣᠨ᠎ᠠ᠃
ᠪᠠᠲᠤᠲᠤᠯᠭ᠎ᠠ ᠮᠡᠳᠡᠭᠡᠯᠡᠪᠡ