ᠡᠮᠦᠨᠡᠳᠦ ᠮᠣᠩᠭᠣᠯ ᠦ᠋ᠨ ᠶᠡᠬᠡ ᠬᠤᠷᠠᠯᠲᠠᠢ

ᠴᠠᠭ ᠦᠶ᠎ᠡ ᠶᠢᠨ ᠪᠣᠱᠣᠭ᠄ ᠰᠠᠨᠠᠭᠠᠴᠢᠯᠠᠭ᠎ᠠ ᠶᠢᠨ ᠪᠢᠴᠢᠭ

ᠴᠠᠭ ᠦᠶ᠎ᠡ ᠶᠢᠨ ᠪᠣᠱᠣᠭ᠄ ᠰᠠᠨᠠᠭᠠᠴᠢᠯᠠᠭ᠎ᠠ ᠶᠢᠨ ᠪᠢᠴᠢᠭ

ᠡᠯᠢᠭᠡ ᠨᠢᠭᠡᠲᠦ ᠡᠮᠦᠨᠡᠲᠦ ᠮᠣᠩᠭᠣᠯᠴᠤᠳ ᠡ︕

   ᠬᠢᠲᠠᠳ ᠤᠨ ᠺᠣᠮᠮᠦᠨᠢᠰᠲ ᠨᠠᠮ ᠤᠨ ᠳᠠᠷᠤᠯᠠᠯ ᠬᠡᠴᠡᠭᠦᠳᠡᠭᠰᠡᠭᠡᠷ᠂ ᠮᠣᠩᠭᠣᠯᠴᠤᠳ ᠪᠢᠳᠡᠨ ᠢ ᠬᠡᠯᠡ ᠰᠣᠶᠣᠯ ᠤᠨ ᠲᠠᠯ᠎ᠠ ᠠᠢᠮᠠᠭᠯᠠᠨ ᠤᠰᠠᠳᠬᠠᠬᠤ ᠱᠠᠲᠣᠨ ᠳᠤ ᠰᠢᠯᠵᠢᠨ ᠣᠷᠣᠯ᠎ᠠ᠃ ᠲᠤᠰ ᠨᠠᠮ ᠤᠨ ᠦᠨᠳᠦᠰᠦᠲᠡᠨ ᠦ ᠪᠣᠳᠣᠯᠭ᠎ᠠ<<  ᠵᠥᠪ ᠭᠣᠯᠳᠤᠷᠢᠯ>> ᠢᠶᠡᠨ ᠠᠬᠢᠨ ᠣᠯᠵᠤ᠂ ᠮᠣᠩᠭᠣᠯᠴᠤᠳ ᠲᠤ ᠵᠥᠭᠡᠯᠡᠨ ᠢᠶᠡᠷ ᠬᠠᠨᠲᠤᠬᠤ ᠪᠣᠯᠬᠣ ᠪᠣᠢ ᠭᠡᠳᠡᠭ  ᠭᠣᠷᠢᠳᠠᠯᠭ᠎ᠠ ᠪᠦᠷᠢᠮᠦᠰᠦᠨ ᠲᠠᠰᠤᠷᠠᠯ᠎ᠠ᠃ ᠥᠩᠭᠡᠷᠡᠭᠰᠡᠨ ᠵᠠᠭᠤᠭᠠᠳ ᠵᠢᠯ ᠦᠨ ᠲᠤᠷᠰᠢ᠂ ᠡᠮᠦᠨᠡᠲᠦ ᠮᠣᠩᠭᠣᠯᠴᠤᠳ ᠡᠷᠬᠡ ᠴᠢᠯᠦᠭᠡᠨ ᠦ ᠪᠡᠨ ᠲᠥᠯᠥᠭᠡ ᠲᠡᠮᠡᠴᠡᠭᠡᠳ ᠴᠤ᠂<< ᠥᠪᠡᠷ ᠢᠶᠡᠨ ᠵᠠᠰᠠᠬᠤ>> ᠭᠡᠳᠡᠭ ᠵᠠᠮ ᠢᠶᠠᠷ ᠨᠢ ᠠᠷᠭ᠎ᠠ ᠦᠭᠡᠢ ᠶᠢᠨ ᠡᠷᠬᠡᠨ ᠳᠦ ᠶᠠᠪᠤᠵᠤ ᠦᠵᠡᠭᠡᠳ ᠴᠤ᠂ ᠦᠢ ᠣᠯᠠᠨ ᠰᠢᠯᠢᠳᠡᠭ ᠬᠦᠮᠦᠰ ᠦᠨ ᠢᠶᠡᠨ ᠠᠮᠢ ᠨᠠᠰᠤ ᠶᠢ ᠦᠷᠡᠭᠳᠡᠭᠦᠯᠵᠦ᠂ ᠬᠢᠲᠠᠳ ᠬᠡᠯᠡ ᠰᠣᠶᠣᠯ ᠳᠤ ᠠᠭᠤᠰᠬᠤ᠂ ᠰᠣᠶᠣᠯ ᠤᠨ ᠥᠪ ᠳᠤᠷᠠᠰᠬᠠᠯ ᠲᠠᠯᠬᠢᠭᠳᠠᠨ ᠰᠦᠢᠳᠬᠦ᠂ ᠮᠣᠩᠭᠣᠯᠴᠤᠳ ᠤᠨ ᠣᠷᠣᠰᠢᠨ ᠠᠮᠢᠳᠤᠷᠠᠬᠤ ᠭᠠᠵᠠᠷ ᠨᠤᠲᠤᠭ ᠢᠪᠴᠤᠷᠠᠬᠤ᠂ ᠪᠠᠢᠭᠠᠯᠢ ᠣᠷᠴᠢᠨ ᠰᠦᠢᠷᠡᠬᠦ᠂ ᠮᠣᠩᠭᠣᠯ ᠬᠦᠮᠦᠨ ᠠᠮᠠ ᠬᠠᠷᠢᠴᠠᠩᠭᠤᠢ ᠲᠦᠪᠯᠡᠷᠡᠭᠰᠡᠨ ᠴᠡᠭ ᠦᠳ ᠶᠠᠪᠤᠬᠤ ᠲᠣᠰᠣᠮ ᠴᠥᠬᠡᠷᠡᠬᠦ᠂ ᠪᠠᠭᠠᠰᠬᠤ᠂ ᠬᠢᠲᠠᠳ ᠬᠦᠮᠦᠨ ᠠᠮᠠ ᠶᠢᠨ ᠰᠢᠬᠠᠯᠲᠠ᠂ ᠵᠡᠷᠯᠢᠭ ᠪᠠᠯᠠᠮᠠᠳ ᠳᠡᠭᠡᠷᠡᠯᠬᠡᠯ ᠤᠨ ᠳᠣᠣᠷ᠎ᠠ ᠦᠨᠳᠦᠰᠦᠲᠡᠨ ᠦ ᠣᠨᠴᠠᠯᠢᠭ ᠢᠶᠠᠨ ᠠᠯᠳᠠᠬᠤ ᠬᠤᠪᠢ ᠵᠠᠶᠠᠭ᠎ᠠ ᠠᠴᠠ ᠮᠣᠯᠲᠣᠷᠠᠭ᠎ᠠ ᠦᠭᠡᠢ᠃ ᠡᠨᠡ ᠵᠠᠭᠤᠭᠠᠳ ᠵᠢᠯ ᠦᠨ ᠢᠶᠡᠨ ᠲᠡᠦᠬᠡ ᠶᠢ ᠬᠦᠷᠲᠡᠯ᠎ᠡ ᠬᠢᠲᠠᠳ ᠤᠨ ᠺᠣᠮᠮᠦᠨᠢᠰᠲ ᠨᠠᠮ ᠤᠨ ᠠᠯᠪᠠᠳᠠᠯᠭ᠎ᠠ ᠪᠠᠷ ᠭᠠᠵᠢᠭᠤᠳᠠᠭᠤᠯᠵᠤ ᠭᠣᠢᠪᠢᠭᠤᠯᠵᠤ ᠪᠢᠴᠢᠭᠰᠡᠭᠡᠷ᠂ ᠬᠣᠢᠴᠢ ᠦᠶ᠎ᠡ ᠶᠢᠨ ᠬᠢᠨ ᠮᠠᠨᠢ ᠬᠠᠭᠤᠷᠮᠠᠭ ᠲᠡᠦᠬᠡᠨ ᠳᠦ ᠢᠲᠡᠭᠡᠵᠦ᠂ ᠮᠣᠩᠬᠠᠷᠠᠵᠤ ᠶᠠᠪᠤᠬᠤ ᠳᠤ ᠬᠦᠷᠦᠯ᠎ᠡ᠃ ᠮᠣᠩᠭᠣᠯ ᠢᠶᠠᠷ ᠬᠢᠴᠢᠶᠡᠯᠯᠡᠳᠡᠭ ᠨᠡᠷ᠎ᠡ ᠲᠡᠢ ᠪᠠᠢᠭᠰᠠᠨ ᠴᠠᠭ ᠲᠤ ᠴᠤ ᠮᠣᠩᠭᠣᠯ ᠬᠡᠯᠡ ᠡᠪᠳᠡᠷᠡᠯ ᠳᠦ ᠣᠷᠣᠭᠠᠳ ᠪᠠᠢᠭᠰᠠᠨ ᠪᠣᠯ᠂ ᠡᠳᠦᠭᠡ ᠮᠣᠩᠭᠣᠯ ᠢᠶᠠᠷ ᠬᠢᠴᠢᠶᠡᠯᠯᠡᠬᠦ᠂ ᠮᠣᠩᠭᠣᠯ ᠬᠡᠯᠡ ᠪᠡᠷ ᠬᠡᠪᠯᠡᠯ ᠮᠡᠳᠡᠭᠡᠯᠡᠯ ᠭᠠᠷᠭᠠᠬᠤ᠂ ᠣᠯᠠᠭᠤᠯᠠ ᠴᠤᠭᠯᠠᠷᠠᠵᠤ ᠮᠣᠩᠭᠣᠯ ᠬᠡᠯᠡ ᠪᠡᠷ ᠶᠠᠷᠢᠯᠴᠠᠬᠤ ᠶᠢ ᠴᠤ ᠬᠣᠷᠢᠭᠯᠠᠵᠤ ᠡᠬᠢᠯᠡᠯ᠎ᠡ᠃ ᠡᠭᠦᠪᠡᠷ ᠵᠣᠭᠰᠤᠬᠤ ᠦᠭᠡᠢ᠂<< ᠥᠪᠡᠷ ᠢᠶᠡᠨ ᠵᠠᠰᠠᠬᠤ ᠣᠷᠣᠨ>> ᠭᠡᠭᠴᠢ ᠶᠢ ᠬᠡᠰᠡᠭᠯᠡᠯᠨ ᠪᠤᠲᠠᠯᠠᠬᠤ᠂ ᠪᠦᠷᠢᠮᠦᠰᠦᠨ ᠴᠤᠴᠠᠯᠠᠬᠤ᠂ ᠮᠠᠯ ᠠᠵᠤ ᠠᠬᠤᠢ᠂ ᠭᠠᠵᠠᠷ ᠲᠠᠷᠢᠶᠠᠯᠠᠩ ᠡᠷᠬᠢᠯᠡᠳᠡᠭ ᠮᠣᠩᠭᠣᠯᠴᠤᠳ ᠢ ᠨᠤᠲᠤᠭ ᠪᠡᠯᠴᠢᠭᠡᠷ᠂ ᠭᠠᠵᠠᠷ ᠲᠠᠷᠢᠶ᠎ᠠ ᠠᠴᠠ ᠨᠢ ᠰᠠᠯᠭᠠᠬᠤ᠂ ᠬᠦᠮᠦᠨ ᠠᠮᠠ ᠶᠢ ᠬᠢᠲᠠᠳᠴᠤᠳ ᠢᠶᠠᠷ ᠤᠯᠠᠮ ᠴᠢᠨᠠᠭᠤᠰᠢᠲᠠ ᠰᠢᠩᠭᠡᠷᠡᠭᠦᠯᠦᠨ ᠠᠭᠤᠰᠬᠠᠬᠤ ᠠᠯᠬᠤᠮ ᠠᠷᠤ ᠠᠷᠤ ᠠᠴᠠ ᠪᠠᠨ ᠬᠢᠭᠳᠡᠬᠦ ᠨᠢ ᠨᠢᠭᠡᠨᠲᠡ ᠲᠣᠳᠣᠷᠬᠠᠢ ᠪᠣᠯᠵᠠᠢ᠃ ᠮᠣᠩᠭᠣᠯ ᠤᠳᠤᠮ ᠲᠠᠢ ᠬᠦᠮᠦᠨ ᠪᠦᠬᠦᠨ( ᠮᠣᠩᠭᠣᠯ ᠢᠶᠠᠷ ᠶᠠᠷᠢᠳᠠᠭ ᠬᠢᠲᠠᠳ ᠢᠶᠠᠷ ᠶᠠᠷᠢᠳᠠᠭ ᠢᠯᠭᠠᠭ᠎ᠠ ᠦᠭᠡᠢ) ᠴᠠᠭᠳᠠᠭ᠎ᠠ ᠶᠢᠨ ᠪᠠᠢᠩᠭᠤ ᠶᠢᠨ ᠬᠢᠨᠠᠯᠲᠠ ᠳᠤ ᠪᠠᠢᠳᠠᠭ ᠪᠣᠯᠪᠠ᠃

     ᠪᠢᠳᠡ  ᠣᠳᠣ ᠶᠠᠭᠠᠬᠢᠬᠤ ᠶᠣᠰᠣᠲᠠᠢ ᠪᠤᠢ︖ ᠬᠡᠯᠡ ᠡᠴᠡ ᠪᠡᠨ ᠰᠠᠯᠪᠠᠯ ᠡᠮᠦᠨᠡᠲᠦ ᠮᠣᠩᠭᠣᠯ ᠶᠠᠭᠤ ᠪᠣᠯᠬᠤ ᠪᠢᠯᠡ︖ ᠦᠨᠳᠦᠰᠦᠲᠡᠨ ᠮᠦᠬᠦᠬᠦ ᠠᠶᠤᠯ ᠰᠢᠭᠤᠳ ᠨᠢᠭᠤᠷᠯᠠᠭᠰᠠᠨ ᠨᠦᠭᠦᠴᠡᠯ ᠳᠦ᠂ ᠬᠤᠪᠢ ᠲᠠᠪᠢᠠᠯᠩ ᠤᠨ ᠢᠶᠠᠨ ᠲᠤᠬᠠᠢ ᠪᠣᠳᠣᠬᠤ ᠦᠭᠡᠢ᠂ ᠶᠠᠷᠢᠯᠴᠠᠬᠤ ᠦᠭᠡᠢ᠂ ᠭᠠᠷᠴᠠ ᠬᠠᠢᠬᠤ ᠦᠭᠡᠢ᠂ ᠭᠤᠲᠤᠷᠠᠵᠤ ᠭᠤᠨᠢᠭᠠᠳ᠂ ᠭᠠᠰᠠᠯᠵᠤ ᠬᠠᠷᠠᠮᠰᠠᠭᠠᠳ ᠯᠠ᠂ ᠭᠠᠷ ᠢᠶᠠᠨ ᠨᠤᠬᠤᠯᠠᠵᠤ ᠰᠠᠭᠤᠬᠤ ᠦᠦ︖ ᠭᠠᠳᠠᠭᠠᠳᠤ ᠶᠢᠨ ᠳᠡᠮᠵᠢᠯᠭᠡ ᠶᠢ ᠬᠤᠭᠤᠴᠠᠭ᠎ᠠ ᠬᠢᠵᠠᠭᠠᠷ ᠦᠭᠡᠢ ᠬᠦᠯᠢᠶᠡᠵᠦ ᠬᠡᠪᠲᠡᠬᠦ ᠦᠦ︖ ᠸᠢᠴᠠᠲ ᠮᠡᠲᠦ ᠶᠢᠨ ᠬᠠᠷᠢᠴᠠᠭᠠᠨ ᠤ ᠬᠡᠷᠡᠭᠰᠡᠯ ᠢᠶᠡᠷ ᠢᠬᠢᠷ ᠰᠢᠬᠢᠷ ᠵᠦᠢᠯ ᠢᠶᠡᠷ ᠵᠤᠭᠠᠯᠠᠵᠤ᠂ ᠮᠠᠷᠭᠤᠵᠤ ᠮᠡᠳᠬᠡᠬᠦ᠂ ᠭᠠᠴᠠᠭᠠᠨ ᠤ ᠪᠠᠨ ᠬᠢᠲᠠᠳ ᠱᠣᠢᠰᠢᠭ ᠡᠮᠡᠰ ᠦᠨ ᠬᠡᠷᠡᠭᠦᠯ ᠬᠢᠬᠦ ᠮᠠᠶ᠋ᠢᠭ ᠢᠶᠠᠷ ᠡᠳᠦᠷ ᠬᠣᠨᠣᠭ ᠢ ᠨᠥᠭᠴᠢᠭᠡᠭᠰᠡᠭᠡᠷ ᠪᠠᠢᠬᠤ ᠦᠦ︖ ᠳᠠᠢᠰᠤᠨ ᠬᠡᠳᠦᠢ ᠬᠦᠴᠦᠷᠬᠡᠭ ᠪᠣᠯᠪᠠᠴᠤ᠂ ᠴᠠᠭ ᠤᠨ ᠪᠠᠢᠳᠠᠯ ᠥᠭᠡᠷᠡᠲᠡᠵᠦ ᠪᠠᠢᠭ᠎ᠠ᠂ ᠵᠠᠷᠢᠮ ᠲᠣᠮᠣ ᠭᠦᠷᠦᠨ ᠦ ᠳᠠᠷᠤᠩᠭᠤᠢᠯᠠᠬᠤ ᠦᠵᠡᠯ ᠦᠨ ᠨᠥᠯᠥᠭᠡ ᠨᠢ ᠮᠠᠨ ᠰᠢᠭ᠋ ᠡᠷᠬᠡ ᠴᠢᠯᠦᠭᠡ ᠦᠭᠡᠢ ᠠᠷᠠᠳ ᠲᠦᠮᠡᠨ ᠪᠠᠢᠲᠤᠭᠠᠢ᠂ ᠲᠤᠰᠠᠭᠠᠷ ᠲᠣᠭᠲᠠᠨᠢᠭᠰᠠᠨ ᠤᠯᠤᠰ ᠣᠷᠣᠨ ᠨᠤᠭᠤᠳ ᠢ ᠬᠦᠷᠲᠡᠯ᠎ᠡ ᠰᠦᠷᠳᠡᠭᠦᠯᠬᠦ ᠪᠣᠯᠣᠭᠰᠠᠨ ᠢᠶᠠᠷ᠂ ᠲᠡᠭᠦᠨ ᠦ ᠡᠰᠡᠷᠭᠦ ᠨᠢᠭᠡᠳᠦᠨ ᠲᠡᠮᠡᠴᠡᠬᠦ ᠶᠢ ᠬᠡᠵᠢᠶ᠎ᠡ ᠬᠡᠵᠢᠶᠡᠨ ᠡᠴᠡ ᠢᠯᠡᠭᠦᠦ ᠴᠢᠬᠤᠯᠠᠴᠢᠯᠠᠵᠤ ᠪᠠᠢᠨ᠎ᠠ᠃ ᠪᠢᠳᠡ ᠣᠳᠤ ᠶᠢᠨ ᠡᠴᠡ ᠪᠡᠨ ᠠᠷᠠᠢ ᠳᠡᠭᠡᠭᠦᠷ ᠲᠦᠪᠰᠢᠨ ᠳᠦ᠂ ᠠᠵᠢᠯ ᠬᠡᠷᠡᠭᠴᠢ ᠪᠡᠷ ᠰᠡᠳᠬᠢᠵᠦ᠂ ᠪᠣᠯᠣᠮᠵᠢ ᠶᠢᠨ ᠳᠣᠲᠤᠷᠠᠬᠢ ᠵᠦᠢᠯ ᠢ ᠬᠢᠬᠦ᠂ ᠢᠳᠡᠪᠬᠢᠲᠡᠢ ᠬᠢᠬᠦ ᠶᠢ ᠪᠣᠳᠣᠬᠤ ᠴᠠᠭ ᠪᠣᠯᠣᠭᠰᠠᠨ ᠰᠢᠦ᠃ ᠶᠠᠭᠤᠨ ᠤ ᠡᠮᠦᠨ᠎ᠡ᠂ ᠳᠠᠭᠤ ᠬᠣᠭᠣᠯᠠᠢ ᠪᠠᠨ ᠠᠪᠤᠯᠴᠠᠵᠤ ᠰᠠᠨᠠᠯ ᠪᠣᠳᠣᠯ ᠢᠶᠠᠷ ᠢᠶᠠᠨ ᠨᠢᠭᠡᠳᠬᠦ ᠬᠡᠷᠡᠭᠲᠡᠢ᠃

ᠰᠡᠭᠦᠯ ᠦᠨ ᠭᠤᠴᠢᠭᠠᠳ ᠵᠢᠯ ᠳᠦ᠂ᠡᠮᠦᠨᠡᠲᠦ ᠮᠣᠩᠭᠣᠯ ᠤᠨ ᠲᠡᠮᠡᠴᠡᠭᠴᠢ ᠬᠦᠮᠦᠰ ᠭᠠᠳᠠᠭᠠᠳᠤ ᠳᠤ ᠭᠠᠷᠴᠤ᠂ ᠡᠮᠦᠨᠡᠲᠦ ᠮᠣᠩᠭᠣᠯ ᠤᠨ ᠢᠶᠠᠨ ᠠᠬᠤᠢ ᠪᠠᠢᠳᠠᠯ ᠂ ᠬᠦᠮᠦᠰ ᠦᠨ ᠢᠶᠡᠨ ᠬᠦᠰᠡᠯ ᠮᠥᠷᠥᠭᠡᠳᠦᠯ ᠢ ᠳᠡᠯᠡᠬᠡᠢ ᠨᠡᠢᠲᠡ ᠶᠢᠨ ᠰᠣᠨᠣᠷ ᠲᠤ ᠬᠦᠷᠭᠡᠬᠦ ᠲᠠᠯ᠎ᠠ ᠪᠠᠷ ᠪᠠᠭ᠎ᠠ ᠦᠭᠡᠢ ᠬᠦᠴᠦᠨ ᠴᠢᠷᠮᠠᠢᠯᠲᠠ ᠭᠠᠷᠭᠠᠭᠰᠠᠨ᠂ ᠡᠳᠦᠭᠡ ᠠᠷᠠᠳᠴᠢᠯᠠᠭᠰᠠᠨ ᠤᠯᠤᠰ ᠤᠳ ᠲᠤ ᠠᠵᠢᠯᠯᠠᠵᠤ ᠠᠮᠢᠳᠤᠷᠠᠵᠤ ᠪᠤᠢ ᠡᠮᠦᠨᠡᠲᠦ ᠮᠣᠩᠭᠣᠯᠴᠤᠳ ᠬᠢᠲᠠᠳ ᠤᠨ ᠵᠠᠰᠠᠭ ᠤᠨ ᠭᠠᠵᠠᠷ ᠲᠤ ᠲᠠᠰᠤᠷᠠᠯᠲᠠ ᠦᠭᠡᠢ ᠡᠰᠡᠷᠭᠦᠴᠡᠯ ᠲᠠᠯᠪᠢᠵᠤ᠂ ᠨᠤᠲᠤᠭ ᠨᠢᠭᠡᠲᠡᠨ ᠢᠶᠡᠨ ᠳᠡᠮᠵᠢᠭᠰᠡᠭᠡᠷ ᠪᠠᠢᠨ᠎ᠠ᠃

ᠡᠮᠦᠨᠡᠲᠦ ᠮᠣᠩᠭᠣᠯᠴᠤᠳ ᠤᠨ ᠬᠣᠭᠣᠷᠣᠨᠳᠤ ᠶᠠᠷᠢᠶ᠎ᠠ ᠬᠡᠯᠡᠯᠴᠡᠭᠡ ᠥᠷᠨᠢᠭᠦᠯᠬᠦ᠂ ᠰᠠᠨᠠᠯ ᠪᠣᠳᠣᠯ ᠢᠶᠠᠨ ᠪᠠᠢᠩᠭᠤ ᠰᠣᠯᠢᠯᠴᠠᠬᠤ᠂ ᠭᠠᠳᠠᠭᠠᠳᠤ ᠠᠴᠠ ᠤᠷᠢᠶᠠᠯᠠᠨ ᠳᠠᠭᠤᠳᠠᠬᠤ᠂ ᠤᠬᠠᠭᠤᠯᠤᠨ ᠰᠤᠷᠲᠠᠯᠴᠢᠯᠠᠬᠤ ᠪᠠᠭᠠᠵᠢ ᠬᠡᠷᠡᠭᠰᠡᠯ᠂ ᠲᠠᠪᠴᠠᠩ ᠲᠤᠲᠠᠵᠤ ᠪᠠᠢᠭ᠎ᠠ ᠪᠠᠢᠳᠠᠯ ᠢ ᠳᠠᠷᠤᠢᠬᠠᠨ ᠥᠭᠡᠷᠡᠴᠢᠯᠡᠬᠦ ᠬᠡᠷᠡᠭᠲᠡᠢ ᠪᠠᠢᠨ᠎ᠠ᠃ ᠥᠭᠡᠷ᠎ᠡ ᠪᠡᠷ ᠬᠡᠯᠡᠪᠡᠯ᠂<< ᠦᠨᠳᠦᠰᠦᠨ ᠪᠦᠲᠦᠭᠡᠨ ᠪᠠᠢᠭᠤᠯᠤᠯᠲᠠ>> ᠬᠢᠬᠦ ᠬᠡᠷᠡᠭᠲᠡᠢ ᠪᠠᠢᠨ᠎ᠠ᠃ ᠲᠡᠭᠦᠨ ᠦ ᠬᠠᠮᠤᠭ ᠤᠨ ᠳᠦᠭᠦᠮᠬᠡᠮ ᠬᠡᠯᠪᠡᠷᠢ ᠨᠢ᠂ ᠴᠠᠬᠢᠮ ᠰᠦᠯᠵᠢᠶ᠎ᠡ ᠪᠣᠶᠣWEBSAIT ᠢ ᠡᠷᠴᠢᠮᠲᠡᠢ ᠠᠰᠢᠭᠯᠠᠬᠤ ᠶᠠᠪᠤᠳᠠᠯ ᠶᠤᠮ᠃ ᠮᠡᠳᠡᠭᠡᠵᠢ᠂ ᠨᠡᠢᠭᠡᠮ ᠦᠨ ᠬᠠᠷᠢᠯᠴᠠᠭᠠᠨ ᠤ᠂ ᠮᠡᠳᠡᠭᠡᠯᠡᠯ ᠦᠨ ᠪᠦᠬᠦ ᠬᠡᠷᠡᠭᠰᠡᠯ ᠢ ᠢᠳᠡᠪᠬᠢᠲᠡᠢ ᠠᠰᠢᠭᠯᠠᠬᠤ ᠯᠠ ᠶᠣᠰᠤᠲᠠᠢ᠃ ᠰᠦᠯᠵᠢᠶ᠎ᠡ ᠶᠢᠨ ᠬᠤᠪᠢ ᠳᠤ᠂ ᠠᠩᠭ᠍ᠯᠢ᠂ ᠬᠢᠲᠠᠳ ᠬᠡᠯᠡ ᠪᠡᠷ᠂ ᠯᠠᠲ᠋ᠢᠨ᠂ ᠺᠢᠷᠢᠯ ᠪᠢᠴᠢᠭ ᠢᠶᠡᠷ ᠳᠤᠮᠳᠠᠳᠤ ᠤᠯᠤᠰ ᠠᠴᠠ ᠪᠣᠰᠣᠳ ᠭᠠᠵᠠᠷ ᠲᠤ ᠪᠣᠰᠣᠭ ᠭᠠᠵᠠᠷ ᠲᠤ ᠬᠢᠬᠦ ᠳᠦ ᠶᠠᠮᠠᠷ ᠴᠤ ᠪᠡᠷᠬᠡᠰᠢᠶᠡᠯ ᠠᠯᠭ᠎ᠠ ᠪᠣᠯᠪᠠᠴᠤ᠂ ᠡᠮᠦᠨᠡᠲᠦ ᠮᠣᠩᠭᠣᠯᠴᠤᠳ ᠲᠤ ᠵᠣᠷᠢᠭᠤᠯᠤᠭᠰᠠᠨ ᠮᠣᠩᠭᠣᠯ ᠪᠢᠴᠢᠭ ᠦᠨ ᠰᠦᠯᠵᠢᠶ᠎ᠡ ᠵᠣᠬᠢᠶᠠᠬᠤ ᠳᠤ ᠲᠸᠭᠡᠨᠣᠯᠣᠭᠢ ᠶᠢᠨ ᠭᠡᠬᠦ ᠮᠡᠲᠦ ᠠᠰᠠᠭᠤᠳᠠᠯ ᠲᠤᠯᠭᠠᠷᠠᠳᠠᠭ ᠲᠠᠯ᠎ᠠ ᠪᠤᠢ ᠨᠢ ᠦᠨᠡᠨ᠃ ᠭᠡᠪᠡᠴᠦ᠂ ᠣᠳᠣ ᠶᠢᠨ ᠮᠣᠩᠭᠣᠯ ᠪᠢᠴᠢᠭ ᠦᠨ ᠰᠦᠯᠵᠢᠶ᠎ᠡ ᠬᠢᠵᠦ ᠪᠤᠢ ᠠᠷᠭ᠎ᠠ ᠪᠠᠷ ᠲᠦᠯᠦᠪᠯᠡᠵᠦ ᠵᠣᠬᠢᠶᠠᠭᠠᠳ᠂ ᠦᠢᠯᠡᠴᠢᠯᠡᠭᠦᠷ ᠢ ᠨᠢ ᠭᠠᠳᠠᠭᠠᠳᠤ ᠳᠤ ᠪᠠᠢᠷᠢᠯᠠᠭᠤᠯᠴᠢᠬᠠᠪᠠᠯ᠂ ᠠᠵᠢᠯ ᠢᠶᠠᠨ ᠬᠢᠵᠦ ᠪᠣᠯᠣᠨ᠎ᠠ᠃ ᠮᠣᠩᠭᠣᠯ ᠪᠢᠴᠢᠭ ᠦᠨ ᠰᠦᠯᠵᠢᠶᠡᠨ ᠦ ᠪᠡᠨ ᠰᠠᠭᠤᠷᠢᠨ ᠳᠡᠭᠡᠷ᠎ᠡ᠂ ᠬᠢᠲᠠᠳ᠂ ᠠᠩᠭ᠍ᠯᠢ᠂ ᠶᠠᠫᠣᠨ᠂ ᠣᠷᠣᠰ ᠬᠡᠯᠡᠨ ᠦ᠂ ᠺᠢᠷᠢᠯ᠂ ᠯᠠᠲ᠋ᠢᠨ ᠪᠢᠴᠢᠭ ᠦᠨ ᠬᠤᠪᠢᠯᠪᠤᠷᠢ ᠤᠶᠠᠯᠳᠤᠭᠤᠯᠪᠠᠯ᠂ ᠮᠣᠩᠭᠣᠯᠴᠤᠳ ᠬᠣᠭᠣᠷᠤᠨᠳᠤ ᠪᠠᠨ ᠰᠠᠨᠠᠯ ᠪᠣᠳᠣᠯ᠂ ᠮᠡᠳᠡᠭᠡᠯᠡᠯ ᠢᠶᠡᠨ ᠰᠣᠯᠢᠯᠴᠠᠵᠤ ᠪᠣᠯᠬᠣ ᠪᠠ ᠳᠡᠯᠡᠬᠡᠢ ᠨᠡᠢᠲᠡ ᠳᠦ ᠮᠡᠳᠡᠭᠡᠯᠡᠯ ᠬᠦᠷᠭᠡᠬᠦ ᠳᠦ ᠳᠦᠭᠦᠮᠬᠡᠮ ᠦᠵᠡᠭᠦᠯᠦᠨ᠎ᠡ᠃ ᠡᠨᠡ ᠲᠠᠯ᠎ᠠ ᠳᠡᠭᠡᠷ᠎ᠡ᠂ ᠭᠠᠳᠠᠭᠠᠳᠤ ᠳᠤ ᠪᠠᠢᠭ᠎ᠠ ᠪᠢᠳᠡ ᠪᠦᠬᠦᠨ᠂ ᠢᠯᠠᠩᠭᠤᠶ᠎ᠠ ᠣᠯᠠᠨ ᠨᠡᠢᠲᠡ ᠳᠦ ᠨᠡᠷ᠎ᠡ ᠨᠥᠯᠥᠭᠡ ᠲᠡᠢ ᠪᠣᠯᠣᠭᠰᠠᠨ ᠪᠠᠢᠭᠤᠯᠤᠯᠭ᠎ᠠ( ᠵᠣᠬᠢᠶᠠᠨ ᠪᠠᠢᠭᠤᠯᠤᠯᠲᠠ)᠂ ᠬᠣᠪᠢ ᠬᠦᠮᠦᠨ ᠬᠠᠮᠲᠤᠷᠠᠵᠤ ᠤᠷᠢᠶᠠᠯᠠᠨ ᠳᠠᠭᠤᠳᠠᠪᠠᠯ᠂ ᠳᠡᠮᠵᠢᠨ ᠣᠷᠣᠯᠴᠠᠬᠤ ᠬᠦᠴᠦᠨ ᠳᠤᠲᠠᠬᠤ ᠦᠭᠡᠢ᠃ ᠮᠣᠩᠭᠣᠯ ᠰᠦᠯᠵᠢᠶ᠎ᠡ ᠪᠣᠢ ᠪᠣᠯᠵᠤ᠂ ᠡᠮᠦᠨᠡᠲᠦ ᠮᠣᠩᠭᠣᠯ ᠳᠤ ᠪᠠᠨ ᠪᠠᠢᠭ᠎ᠠ ᠠᠬᠠᠨ ᠳᠡᠭᠦᠦᠰ ᠮᠠᠨᠢ<< ᠬᠡᠷᠡᠮ ᠳᠠᠪᠠᠬᠤ>> ᠠᠷᠭ᠎ᠠ ᠪᠠᠷ ᠲᠡᠭᠦᠨ ᠳᠡᠬᠡᠨ ᠬᠣᠯᠪᠣᠭᠳᠠᠨ ᠡᠬᠢᠯᠡᠪᠡᠯ᠂ ᠪᠢᠳᠡ ᠰᠦᠯᠵᠢᠶ᠎ᠡ ᠪᠡᠷ ᠬᠡᠯᠡᠨ ᠦ ᠰᠤᠷᠭᠠᠭᠤᠯᠢ᠂ ᠨᠣᠮ ᠤᠨ ᠰᠠᠩ᠂ ᠰᠣᠨᠢᠨ ᠰᠡᠳᠭᠦᠯ ᠭᠡᠳ ᠭᠠᠷᠭᠠᠵᠤ᠂ ᠬᠡᠯᠡ ᠪᠡᠨ ᠰᠤᠷᠬᠤ ᠬᠡᠷᠡᠭᠯᠡᠬᠦ ᠶᠠᠪᠤᠳᠠᠯ ᠳᠤ ᠰᠢᠭᠤᠳ ᠦᠢᠯᠡᠴᠢᠯᠡᠭᠦᠯᠵᠦ ᠪᠣᠯᠣᠨ᠎ᠠ᠃ ᠰᠦᠯᠵᠢᠶ᠎ᠡ ᠪᠡᠷ ᠬᠢᠵᠦ ᠪᠣᠯᠬᠤ ᠠᠵᠢᠯ ᠦᠢ ᠣᠯᠠᠨ ᠪᠠᠢᠭ᠎ᠠ ᠶᠢ ᠶᠠᠪᠤᠭᠠᠨ ᠳᠠᠭᠠᠨ ᠪᠢᠳᠡ ᠤᠯᠠᠮ ᠤᠬᠠᠭᠠᠷᠠᠨ᠎ᠠ᠃ ᠮᠠᠨ ᠤ ᠬᠢᠨ ᠴᠢᠳᠠᠳᠠᠭ ᠦᠭᠡᠢ᠂ ᠪᠦᠲᠦᠭᠡᠳᠡᠭ ᠦᠭᠡᠢ ᠶᠤᠮ ᠭᠡᠵᠦ ᠣᠯᠠᠨ ᠳᠠᠭᠠᠨ ᠳ᠋ᠦᠩ ᠲᠠᠯᠪᠢᠬᠤ ᠶᠢ ᠪᠢᠲᠡᠭᠡᠢ ᠶᠠᠭᠠᠷᠠᠶ᠎ᠠ᠃ ᠦᠴᠦᠬᠡᠨ ᠨᠢᠭᠡ ᠠᠯᠬᠤᠮ ᠴᠤ ᠭᠡᠰᠡᠨ ᠠᠬᠢᠵᠤ ᠦᠵᠡᠶ᠎ᠡ᠃ ᠡᠨᠡ ᠲᠤᠬᠠᠢ ᠶᠠᠷᠢᠶ᠎ᠠ ᠬᠡᠯᠡᠯᠴᠡᠭᠡ ᠦᠷᠨᠢᠭᠦᠯᠦᠶ᠎ᠡ᠃ ᠰᠦᠯᠵᠢᠶ᠎ᠡ ᠶᠢ ᠪᠣᠰᠣᠭ᠎ᠠ ᠪᠢᠴᠢᠭ ᠢᠶᠡᠷ ᠠᠷᠠᠢ ᠠᠮᠠᠷᠬᠠᠨ ᠬᠡᠷᠡᠭᠯᠡᠬᠦ ᠶᠢᠨ ᠲᠥᠯᠥᠭᠡ ᠰᠠᠨᠠᠭᠠᠴᠢᠯᠠᠵᠤ ᠪᠠᠢᠨ᠎ᠠ ᠭᠡᠬᠦ ᠳᠦ ᠪᠣᠯᠬᠤ ᠶᠤᠮ᠃ ᠥᠭᠡᠷ᠎ᠡ ᠪᠢᠴᠢᠭ ᠢᠶᠡᠷ ᠪᠣᠯFACEBOOK ᠡᠨᠡ ᠲᠡᠷᠡ ᠪᠡᠷ ᠬᠠᠷᠢᠯᠴᠠᠵᠤ ᠪᠣᠯᠣᠨ᠎ᠠ ᠯᠠ ᠳ᠋ᠠ᠃ ᠪᠢᠳᠡᠨ ᠦ ᠣᠨᠴᠠᠭᠠᠢ ᠬᠡᠷᠡᠭᠴᠡᠭᠡ- ᠮᠣᠩᠭᠣᠯ ᠰᠦᠯᠵᠢᠶ᠎ᠡ᠂ ᠮᠣᠩᠭᠣᠯ ᠰᠦᠯᠵᠢᠶ᠎ᠡ︕ ᠬᠠᠷᠢᠯᠴᠠᠵᠤ ᠪᠣᠯᠳᠠᠭ᠂ ᠨᠡᠬᠡᠭᠡᠯᠲᠡ ᠲᠡᠢ ᠮᠣᠩᠭᠣᠯ ᠰᠦᠯᠵᠢᠶ᠎ᠡ︕

ᠡᠨᠳᠡ ᠶᠠᠷᠢᠭᠰᠠᠨ ᠵᠣᠷᠢᠯᠲᠠ ᠶᠢ ᠣᠢᠯᠠᠭᠠᠭᠰᠠᠨ ᠡᠷᠬᠢᠮ ᠲᠠ᠂ ᠨᠠᠢᠵᠠ ᠨᠦᠬᠦᠳ ᠲᠡᠬᠡᠨ ᠳᠠᠮᠵᠢᠭᠤᠯᠤᠨ ᠶᠠᠷᠢᠵᠤ᠂ ᠳᠡᠯᠭᠡᠷᠡᠭᠦᠯᠦᠨ ᠲᠠᠢᠯᠪᠤᠷᠢᠯᠠᠵᠤ᠂ ᠰᠢᠨ᠎ᠡ ᠰᠠᠨᠠᠭ᠎ᠠ ᠰᠡᠳᠦᠯ ᠢᠶᠡᠷ ᠢᠶᠡᠨ ᠪᠠᠶᠠᠵᠢᠭᠤᠯᠵᠤ᠂ ᠳᠡᠮ ᠦᠵᠡᠭᠦᠯᠬᠦ ᠪᠣᠯᠣᠨ᠎ᠠ ᠭᠡᠳᠡᠭ ᠲᠦ ᠨᠠᠢᠳᠠᠵᠤ ᠪᠠᠢᠨ᠎ᠠ᠃

ᠲᠣᠳᠣᠷᠬᠠᠢᠯᠠᠯᠲᠠ᠄ ᠳᠡᠭᠡᠷᠡᠬᠢ ᠪᠣᠯ ᠨᠢᠭᠡᠨ ᠨᠠᠰᠤ ᠪᠠᠷ ᠢᠶᠠᠨ ᠡᠮᠦᠨᠡᠲᠦ ᠮᠣᠩᠭᠣᠯᠴᠤᠳ ᠤᠨ ᠢᠶᠠᠨ ᠲᠥᠯᠥᠭᠡ ᠪᠣᠳᠣᠨ ᠰᠡᠳᠬᠢᠵᠦ᠂ ᠬᠢᠴᠢᠶᠡᠨ ᠵᠢᠳᠬᠦᠭᠰᠡᠭᠡᠷ ᠢᠷᠡᠭᠰᠡᠨ ᠨᠢᠭᠡᠨ ᠪᠣᠭᠣᠷᠤᠯ ᠤᠨ ᠰᠠᠨᠠᠭᠠᠴᠢᠯᠠᠭ᠎ᠠ ᠪᠣᠯᠬᠣ ᠶᠤᠮ᠃ ᠤᠩᠰᠢᠭᠴᠢ ᠲᠠ ᠪᠦᠬᠦᠨ ᠦ ᠪᠣᠯᠭᠣᠭᠠᠨ ᠲᠤᠩᠭᠠᠬᠤ ᠪᠣᠯᠣᠨ᠎ᠠ ᠭᠡᠳᠡᠭ ᠲᠦ ᠢᠲᠡᠭᠡᠵᠦ ᠪᠣᠢ᠃

info@southmongolia.org