ᠡᠮᠦᠨᠡᠳᠦ ᠮᠣᠩᠭᠣᠯ ᠦ᠋ᠨ ᠶᠡᠬᠡ ᠬᠤᠷᠠᠯᠲᠠᠢ

ᠮᠡᠳᠡᠭᠡ 2023 05 08

《ᠮᠢᠨᠦ ᠮᠡᠳᠡᠬᠦ ᠡᠮᠦᠨᠡᠲᠦ ᠮᠣᠩᠭᠣᠯ》2023 ᠮᠣᠩᠭᠣᠯ ᠪᠢᠴᠢᠭ ᠦᠨ ᠡᠰᠰᠸ ᠪᠢᠴᠢᠯᠭᠡ ᠶᠢᠨ ᠤᠷᠤᠯᠳᠤᠭᠠᠨ ᠤ ᠳ᠋ᠦᠩ ᠭᠠᠷᠤᠯ᠎ᠠ

《ᠮᠢᠨᠦ ᠮᠡᠳᠡᠬᠦ ᠡᠮᠦᠨᠡᠲᠦ ᠮᠣᠩᠭᠣᠯ》2023 ᠮᠣᠩᠭᠣᠯ ᠪᠢᠴᠢᠭ ᠦᠨ ᠡᠰᠰᠸ ᠪᠢᠴᠢᠯᠭᠡ ᠶᠢᠨ ᠤᠷᠤᠯᠳᠤᠭᠠᠨ ᠤ ᠳ᠋ᠦᠩ ᠭᠠᠷᠤᠯ᠎ᠠ

ᠡᠮᠦᠨᠡᠲᠦ ᠮᠣᠩᠭᠣᠯ ᠤᠨ ᠶᠡᠬᠡ ᠬᠤᠷᠠᠯᠳᠠᠢ ᠪᠣᠯᠤᠨ ᠳᠡᠯᠡᠬᠡᠢ ᠶᠢᠨ ᠮᠣᠩᠭᠣᠯᠴᠤᠳ ᠤᠨ ᠬᠣᠯᠪᠣᠭ᠎ᠠ ᠪᠠᠶᠢᠭᠤᠯᠤᠯᠭ᠎ᠠ ᠠᠴᠠ ᠬᠠᠮᠲᠤᠷᠠᠨ ᠵᠣᠬᠢᠶᠠᠨ ᠪᠠᠶᠢᠭᠤᠯᠳᠠᠭ 《ᠮᠢᠨᠦ ᠮᠡᠳᠡᠬᠦ ᠡᠮᠦᠨᠡᠲᠦ ᠮᠣᠩᠭᠣᠯ》 ᠮᠣᠩᠭᠣᠯ ᠪᠢᠴᠢᠭ ᠦᠨ ᠭᠠᠷ ᠪᠢᠴᠢᠮᠡᠯ ᠡᠰᠰᠸ ᠪᠢᠴᠢᠯᠭᠡ ᠶᠢᠨ ᠤᠷᠤᠯᠳᠤᠭᠠᠨ ᠬᠣᠶᠠᠷ ᠳᠠᠬᠢ ᠵᠢᠯ ᠳᠦ ᠪᠡᠨ ᠠᠮᠵᠢᠯᠲᠠᠲᠠᠢ ᠵᠣᠬᠢᠶᠠᠨ ᠪᠠᠶᠢᠭᠤᠯᠤᠭᠳᠠᠯ᠎ᠠ᠃

ᠡᠨᠡ ᠵᠢᠯ ᠦᠨ ᠲᠤᠬᠠᠢ ᠳᠤ ᠮᠣᠩᠭᠣᠯ ᠤᠯᠤᠰ ᠤᠨ ᠥᠨᠴᠦᠭ ᠪᠣᠯᠣᠩ ᠪᠦᠷᠢ ᠡᠴᠡ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠤᠨ ᠳᠤᠮᠳᠠ ᠠᠩᠭᠢ ᠶᠢᠨ 46 ᠰᠤᠷᠤᠭᠴᠢ᠂ ᠠᠬᠠᠯᠠᠬᠤ ᠠᠩᠭᠢ ᠶᠢᠨ 99 ᠰᠤᠷᠤᠭᠴᠢ᠂ ᠶᠡᠬᠡ᠂ ᠳᠡᠭᠡᠳᠦ ᠰᠤᠷᠭᠠᠭᠤᠯᠢ᠂ ᠺᠣᠯᠯᠧᠵᠢ ᠶᠢᠨ 36 ᠣᠶᠤᠲᠠᠨ ᠨᠡᠶᠢᠲᠡ 181 ᠣᠶᠤᠲᠠᠨ ᠰᠤᠷᠤᠭᠴᠢ ᠠᠮᠵᠢᠯᠲᠠᠲᠠᠢ ᠣᠷᠣᠯᠴᠠᠵᠤ 18 ᠣᠷᠣᠯᠴᠠᠭᠴᠢ ᠱᠠᠩᠨᠠᠯᠲᠤ ᠪᠠᠶᠢᠷᠢᠨ ᠳᠤ ᠰᠢᠯᠭᠠᠷᠠᠯ᠎ᠠ᠃

ᠰᠢᠯᠭᠠᠷᠠᠭᠤᠯᠤᠯᠲᠠ ᠶᠢ ᠶᠠᠫᠣᠨ ᠳ᠋ᠠᠬᠢ ᠡᠮᠦᠨᠡᠲᠦ ᠮᠣᠩᠭᠣᠯ ᠤᠨ ᠶᠡᠬᠡ ᠬᠤᠷᠠᠯᠳᠠᠢ ᠶᠢᠨ ᠭᠡᠰᠢᠭᠦᠳ ᠶᠠᠪᠤᠭᠤᠯᠤᠭᠰᠠᠨ ᠪᠥᠭᠡᠳ ᠵᠣᠬᠢᠶᠠᠯ ᠢ ᠤᠳᠬ᠎ᠠ ᠠᠭᠤᠯᠭ᠎ᠠ 50%᠂ ᠵᠥᠪ᠂ ᠴᠡᠪᠡᠷ ᠪᠢᠴᠢᠯᠭᠡ 30%᠂ ᠬᠡᠯᠡ ᠨᠠᠶᠢᠷᠠᠭᠤᠯᠭ᠎ᠠ 20% ᠭᠡᠰᠡᠨ ᠬᠤᠪᠢ ᠪᠡᠷ ᠦᠨᠡᠯᠡᠵᠡᠢ᠃

ᠱᠠᠩᠨᠠᠯ ᠭᠠᠷᠳᠠᠭᠤᠯᠬᠤ ᠦᠢᠯᠡ ᠠᠵᠢᠯᠯᠠᠭ᠎ᠠ ᠄5 ᠳ᠋ᠤᠭᠠᠷ ᠰᠠᠷ᠎ᠠ ᠶᠢᠨ 11 ᠤ ᠫᠦᠷᠪᠦ ᠭᠠᠷᠠᠭ( ᠭᠠᠷᠠᠭ ᠦᠨ ᠳᠥᠷᠪᠡᠨ) ᠲᠤ ᠦᠳᠡ ᠶᠢᠨ ᠡᠮᠦᠨᠡᠬᠢ 09᠄30  ᠡᠴᠡ ᠡᠬᠢᠯᠡᠨ᠎ᠡ ᠃

ᠪᠠᠶᠢᠷᠢᠰᠢᠯ᠄ ᠳᠦᠩᠵᠢᠨᠭᠠᠷᠪᠣ ᠬᠤᠳᠠᠯᠳᠤᠭᠠᠨ ᠤ ᠲᠥᠪ ᠦᠨ ᠵᠠᠮ ᠤᠨ ᠤᠷᠳᠤ ᠲᠠᠯ᠎ᠠ ᠳᠤ ᠴᠤᠬᠠᠭ 2 ᠬᠣᠲᠠᠬᠠᠨ ᠳᠤ ᠪᠠᠶᠢᠷᠢᠯᠠᠬᠤ ᠮᠣᠩᠭᠣᠯ ᠠᠷᠲ ᠭᠠᠯᠧᠷᠧᠢ ᠶᠢᠨ 2 ᠳᠠᠪᠬᠤᠷ ᠲᠤ ᠵᠣᠬᠢᠶᠠᠨ ᠪᠠᠶᠢᠭᠤᠯᠤᠭᠳᠠᠨ᠎ᠠ᠃

ᠰᠢᠯᠭᠠᠷᠠᠭᠰᠠᠨ ᠣᠷᠣᠯᠴᠠᠭᠴᠢᠳ ᠮᠠᠨᠢ 5 ᠰᠠᠷ᠎ᠠ ᠶᠢᠨ 11-12  ᠤ ᠳᠣᠲᠣᠷ᠎ᠠ ᠥᠪᠡᠷ ᠦᠨ ᠮᠣᠩᠭᠣᠯ ᠪᠢᠴᠢᠭ ᠦᠨ ᠡᠰᠰᠸ ᠪᠠᠨ ᠺᠢᠷᠢᠯ ᠢᠶᠡᠷ ᠬᠥᠷᠪᠡᠭᠦᠯᠦᠭᠰᠡᠨ ᠬᠤᠪᠢᠯᠪᠤᠷᠢ ᠶᠢ WORD ᠳᠡᠭᠡᠷ᠎ᠡ ᠰᠢᠪᠡᠵᠦ ᠹᠠᠢᠯ ᠢᠶᠠᠷ ᠲᠤᠰ ᠮᠡᠶᠢᠯ ᠳᠤ ᠢᠯᠡᠭᠡᠨ᠎ᠡ ᠦᠦ᠃(ᠺᠢᠷᠢᠯ ᠢᠶᠡᠷ ᠬᠤᠪᠢᠯᠪᠤᠷᠢ ᠶᠢ ᠬᠠᠮᠲᠤ ᠢᠯᠡᠭᠡᠭᠰᠡᠨ ᠣᠷᠣᠯᠴᠠᠭᠴᠢᠳ ᠲᠤ ᠬᠠᠮᠢᠶᠠᠷᠬᠤ ᠦᠭᠡᠢ)

ᠪᠢᠳᠡ ᠮᠥᠨ ᠢᠳᠡᠪᠬᠢᠲᠡᠢ ᠣᠷᠣᠯᠴᠠᠭᠰᠠᠨ ᠪᠦᠬᠦ ᠣᠷᠣᠯᠴᠠᠭᠴᠢᠳ ᠲᠤ ᠪᠠᠨ ᠮᠡᠶᠢᠯ ᠬᠠᠶ᠋ᠢᠭ ᠢᠶᠠᠷ ᠨᠢ ᠪᠠᠲᠤᠯᠠᠮᠵᠢ ᠬᠠᠭᠤᠳᠠᠰᠤ ᠶᠢ ᠢᠯᠡᠭᠡᠬᠦ ᠪᠣᠯᠤᠨ᠎ᠠ᠃ ᠢᠷᠡᠬᠦ ᠵᠢᠯ ᠳᠦ ᠳᠠᠬᠢᠨ ᠣᠷᠣᠯᠴᠠᠭᠠᠷᠠᠢ᠃ ᠠᠮᠵᠢᠯᠲᠠ ᠬᠦᠰᠡᠶ᠎ᠡ ᠪᠦᠭᠦᠳᠡ ᠳᠦ ᠨᠢ᠃

ᠰᠢᠯᠭᠠᠷᠠᠭᠤᠯᠤᠯᠲᠠ ᠶᠢᠨ ᠳ᠋ᠦᠩ᠄

ᠡᠮᠦᠨᠡᠲᠦ ᠮᠣᠩᠭᠣᠯ ᠤᠨ ᠶᠡᠬᠡ ᠬᠤᠷᠠᠯᠳᠠᠢ

ᠳᠡᠯᠡᠬᠡᠢ ᠶᠢᠨ ᠮᠣᠩᠭᠣᠯᠴᠤᠳ ᠤᠨ ᠬᠣᠯᠪᠣᠭ᠎ᠠ

2023 ᠣᠨ᠃

info@southmongolia.org