ᠡᠮᠦᠨᠡᠳᠦ ᠮᠣᠩᠭᠣᠯ ᠦ᠋ᠨ ᠶᠡᠬᠡ ᠬᠤᠷᠠᠯᠲᠠᠢ

ᠮᠡᠳᠡᠭᠡ 2023 04 26

<<ᠡᠮᠦᠨᠡᠲᠦ ᠮᠣᠩᠭᠣᠯ ᠢ ᠳᠡᠮᠵᠢᠬᠦ ᠡᠳᠦᠷ>>ᠢ ᠲᠡᠮᠳᠡᠭᠯᠡᠬᠦ  ᠦᠢᠯᠡ ᠠᠵᠢᠯᠯᠠᠭᠠᠨ ᠤ ᠲᠤᠬᠠᠢ ᠮᠡᠳᠡᠭᠳᠡᠯ

<<ᠡᠮᠦᠨᠡᠲᠦ ᠮᠣᠩᠭᠣᠯ ᠢ ᠳᠡᠮᠵᠢᠬᠦ ᠡᠳᠦᠷ>> ᠢ ᠲᠡᠮᠳᠡᠭᠯᠡᠬᠦ  ᠦᠢᠯᠡ ᠠᠵᠢᠯᠯᠠᠭᠠᠨ ᠤ ᠲᠤᠬᠠᠢ

ᠮᠡᠳᠡᠭᠳᠡᠯ

ᠣᠳᠣ ᠠᠴᠠ 12 ᠵᠢᠯ ᠦᠨ ᠡᠮᠦᠨ᠎ᠡ ᠪᠤᠶᠤ 2011 ᠣᠨ ᠤ ᠲᠠᠪᠤᠳᠤᠭᠠᠷ ᠰᠠᠷ᠎ᠠ ᠶᠢᠨ 11  ᠦ ᠡᠳᠦᠷ᠂ ᠮᠠᠯᠴᠢᠨ ᠵᠠᠯᠠᠭᠤ ᠮᠡᠷᠭᠡᠨ ᠥᠪᠡᠷ ᠦᠨ ᠪᠡᠯᠴᠢᠭᠡᠷ ᠨᠤᠲᠤᠭ  ᠢᠶᠡᠨ ᠬᠠᠮᠠᠭᠠᠯᠠᠬᠤ  ᠶᠢᠨ ᠤᠴᠢᠷ ᠲᠤ᠂  ᠬᠢᠲᠠᠳ ᠤᠨ ᠬᠦᠨᠳᠦ ᠳᠠᠭᠠᠭᠠᠴᠠ ᠶᠢᠨ ᠮᠠᠰᠢᠨ ᠤ ᠵᠢᠯᠣᠭᠣᠴᠢ ᠮᠠᠰᠢᠨ ᠢᠶᠠᠷ ᠢᠶᠠᠨ ᠵᠣᠷᠢᠭᠤᠳᠠ ᠪᠠᠷ ᠳᠠᠭᠠᠷᠢᠭᠤᠯᠵᠤ᠂  ᠵᠡᠷᠯᠢᠭ ᠢᠶᠡᠷ ᠬᠣᠷᠣᠭᠠᠭᠰᠠᠨ ᠪᠢᠯᠡ᠃

12 ᠵᠢᠯ ᠦᠨ ᠳᠠᠷᠠᠭᠠᠬᠢ ᠥᠨᠥᠳᠥᠷ ᠪᠢᠳᠡ ᠡᠬᠡ ᠬᠡᠯᠡ ᠬᠦᠷᠲᠡᠯ᠎ᠡ ᠠᠯᠳᠠᠬᠤ ᠭᠡᠵᠦ ᠪᠠᠶᠢᠨ᠎ᠠ᠃

ᠬᠢᠯᠢ ᠶᠢᠨ ᠴᠢᠨᠠᠳᠤ ᠳᠡᠬᠢ ᠴᠢᠯᠦᠭᠡᠲᠡᠢ ᠶᠢᠷᠲᠢᠨᠴᠦ ᠳᠦ ᠠᠮᠢᠳᠤᠷᠠᠵᠤ ᠪᠠᠢᠭ᠎ᠠ ᠮᠣᠩᠭᠣᠯᠴᠤᠳ ᠪᠢᠳᠡ ᠡᠮᠦᠨᠡᠲᠦ ᠮᠣᠩᠭᠣᠯ  ᠦᠨ ᠥᠨᠥ ᠶᠢᠨ ᠪᠠᠶᠢᠳᠠᠯ ᠢ ᠳᠡᠯᠡᠬᠡᠢ ᠨᠡᠶᠢᠲᠡ ᠳᠦ ᠮᠡᠳᠡᠭᠡᠯᠡᠨ ᠮᠡᠳᠡᠭᠦᠯᠵᠦ ᠂ ᠰᠢᠳᠤᠷᠭᠤ ᠶᠣᠰᠣ ᠶᠢ ᠳᠡᠭᠡᠳᠦᠯᠡᠳᠡᠭ ᠬᠦᠮᠦᠰ ᠲᠦ ᠲᠠᠨᠢᠭᠤᠯᠤᠨ ᠳᠡᠮᠵᠢᠭᠦᠯᠬᠦ ᠪᠡᠷ ᠤᠷᠢᠶᠠᠯᠠᠬᠤ ᠴᠢᠬᠤᠯᠠᠲᠠᠢ᠃

 ᠲᠡᠢᠮᠦ ᠶᠢᠨ ᠲᠤᠯᠠᠲᠠ ᠪᠢᠳᠡ ᠵᠢᠯ ᠪᠦᠷᠢ ᠶᠢᠨ ᠲᠠᠪᠤᠳᠤᠭᠠᠷ ᠰᠠᠷ᠎ᠠ ᠶᠢᠨ 11 ᠦ ᠡᠳᠦᠷ ᠢ <<ᠡᠮᠦᠨᠡᠲᠦ ᠮᠣᠩᠭᠣᠯ ᠢ ᠳᠡᠮᠵᠢᠬᠦ>> ᠡᠳᠦᠷ ᠪᠣᠯᠭᠠᠨ ᠲᠡᠮᠳᠡᠭᠯᠡᠵᠦ᠂ ᠣᠯᠠᠨ ᠤᠯᠤᠰ ᠲᠤ ᠡᠰᠡᠷᠭᠦᠴᠡᠯ ᠦᠨ ᠵᠢᠭᠰᠠᠭᠠᠯ ᠵᠡᠷᠭᠡ ᠶᠢᠨ ᠳᠤᠷᠠᠰᠬᠠᠯ ᠤᠨ ᠦᠢᠯᠡ ᠠᠵᠢᠯᠯᠠᠭ᠎ᠠ ᠵᠣᠬᠢᠶᠠᠨ ᠪᠠᠶᠢᠭᠤᠯᠤᠨ᠎ᠠ᠃

ᠡᠨᠡ ᠵᠢᠯ ᠪᠤᠶᠤ 2023 ᠣᠨ ᠤ 5 ᠳ᠋ᠤᠭᠠᠷ ᠰᠠᠷ᠎ᠠ ᠶᠢᠨ 7 ᠤ ᠠᠳᠠᠯᠢ ᠴᠠᠭ ᠲᠤ  ᠶᠠᠫᠣᠨ᠂ ᠡᠸᠦ᠋ᠷᠦᠫᠡ᠂ ᠠᠮᠸᠷᠢᠺᠠ ᠵᠡᠷᠭᠡ ᠠᠷᠠᠳᠴᠢᠯᠠᠭᠰᠠᠨ ᠣᠷᠣᠨ ᠨᠤᠭᠤᠳ ᠲᠤ ᠲᠤᠰ ᠣᠷᠣᠨ ᠤ ᠪᠠᠨ ᠬᠢᠲᠠᠳ ᠤᠨ ᠡᠯᠴᠢᠨ ᠪᠣᠶᠣ ᠺᠣᠨᠰᠣᠯ ᠤᠨ ᠳᠡᠷᠭᠡᠲᠡ ᠡᠰᠡᠷᠭᠦᠴᠡᠯ ᠦᠨ ᠵᠢᠭᠰᠠᠭᠠᠯ ᠵᠣᠬᠢᠶᠠᠨ ᠪᠠᠶᠢᠭᠤᠯᠤᠨ᠎ᠠ᠃

ᠬᠡᠵᠢᠶ᠎ᠡ᠌᠄2023 ᠣᠨ ᠤ5 ᠳ᠋ᠤᠭᠠᠷ ᠰᠠᠷ᠎ᠠ ᠶᠢᠨ7 ᠤ ᠡᠳᠦᠷ

        ᠦᠳᠡ ᠶᠢᠨ ᠡᠮᠦᠨᠡᠬᠢ11 ᠴᠠᠭ

ᠬᠠᠮᠢᠭ᠎ᠠ᠄ ᠲᠤᠰ ᠤᠯᠤᠰ ᠲᠠᠬᠢ ᠬᠢᠲᠠᠳ ᠤᠨ ᠡᠯᠴᠢᠨ ᠪᠣᠶᠣ ᠺᠣᠨᠰᠤᠯ ᠤᠨ ᠳᠡᠷᠭᠡᠲᠡ

5.11ᠡᠰᠡᠷᠭᠦᠴᠡᠯ ᠬᠦᠳᠡᠯᠭᠡᠭᠡᠨ ᠢ ᠵᠣᠬᠢᠶᠠᠨ ᠪᠠᠢᠭᠤᠯᠬᠤ ᠵᠦᠪᠯᠡᠯ

info@southmongolia.org