ᠡᠮᠦᠨᠡᠳᠦ ᠮᠣᠩᠭᠣᠯ ᠦ᠋ᠨ ᠶᠡᠬᠡ ᠬᠤᠷᠠᠯᠲᠠᠢ

ᠮᠡᠳᠡᠭᠡ 2023 02 21

<<ᠮᠢᠨᠤ ᠮᠡᠳᠡᠬᠦ ᠡᠮᠦᠨᠡᠲᠦ ᠮᠣᠩᠭᠣᠯ>>—ᠮᠣᠩᠭᠣᠯ ᠪᠢᠴᠢᠭ ᠦᠨ ᠡᠰᠰᠸ᠂ ᠤᠷᠠᠨ ᠪᠢᠴᠢᠯᠭᠡ ᠶᠢᠨ ᠤᠷᠤᠯᠳᠤᠭᠠᠨ 2023

<<ᠮᠢᠨᠤ ᠮᠡᠳᠡᠬᠦ ᠡᠮᠦᠨᠡᠲᠦ ᠮᠣᠩᠭᠣᠯ>>

ᠮᠣᠩᠭᠣᠯ ᠪᠢᠴᠢᠭ ᠦᠨ ᠡᠰᠰᠸ ᠂ ᠤᠷᠠᠨ ᠪᠢᠴᠢᠯᠭᠡ ᠶᠢᠨ ᠤᠷᠤᠯᠳᠤᠭᠠᠨ 2023

ᠤᠳᠤᠷᠢᠳᠤᠮᠵᠢ

ᠮᠣᠩᠭᠣᠯ ᠬᠡᠯᠡ ᠪᠢᠴᠢᠭ ᠨᠢ ᠨᠡᠶᠢᠲᠡ ᠮᠣᠩᠭᠣᠯᠴᠤᠳ ᠤᠨ ᠨᠢᠭᠡᠳᠦᠮᠡᠯ ᠨᠢᠭᠡ ᠦᠨᠡᠲᠦ ᠵᠦᠢᠯ ᠲᠡᠳᠦᠢ ᠦᠭᠡᠢ ᠰᠡᠭᠦᠯ ᠦᠨ ᠮᠢᠩᠭᠠᠨ ᠵᠢᠯ ᠦᠨ ᠬᠤᠭᠤᠴᠠᠭᠠᠨ ᠳᠤ ᠢᠰᠡᠭᠡᠢ ᠲᠤᠭᠤᠷᠭᠠᠲᠠᠨ ᠤ ᠰᠤᠶᠤᠯ᠂ ᠪᠣᠯᠪᠠᠰᠤᠷᠠᠯ᠂ ᠨᠣᠮ᠂ ᠰᠤᠳᠤᠷ ᠢ ᠲᠡᠦᠬᠡᠴᠢᠯᠡᠨ ᠢᠷᠡᠭᠰᠡᠨ ᠡᠷᠬᠢᠮ ᠨᠠᠨᠳᠢᠨ ᠥᠪ ᠪᠢᠯᠡ᠃ 2020 ᠣᠨ ᠠᠴᠠ ᠡᠮᠦᠨᠡᠲᠦ ᠮᠣᠩᠭᠣᠯ ᠳᠤ ᠮᠣᠩᠭᠣᠯ ᠪᠢᠴᠢᠭ ᠢ ᠱᠠᠲᠤ ᠳᠠᠷᠠᠭ᠎ᠠ ᠲᠠᠢ ᠲᠠᠲᠠᠵᠤ᠂ ᠪᠠᠭ᠎ᠠ ᠳᠤᠮᠳᠠ ᠰᠤᠷᠭᠠᠭᠤᠯᠢ ᠶᠢᠨ ᠬᠢᠴᠢᠶᠡᠯ ᠦᠨ ᠬᠥᠲᠥᠯᠪᠦᠷᠢ ᠳᠦ ᠨᠢ ᠥᠭᠡᠷᠡᠴᠢᠯᠡᠯᠲᠡ ᠣᠷᠣᠭᠰᠠᠨ ᠢᠶᠠᠷ ᠣᠯᠠᠨ ᠮᠣᠩᠭᠣᠯᠴᠤᠳ ᠥᠪᠡᠷᠰᠡᠳ ᠦᠨ ᠲᠥᠷᠥᠯᠬᠢ ᠬᠡᠯᠡ ᠪᠡᠷ ᠶᠠᠷᠢᠵᠤ᠂ ᠪᠢᠴᠢᠵᠦ᠂ ᠰᠤᠷᠤᠯᠴᠠᠵᠤ ᠴᠢᠳᠠᠬᠤ ᠦᠭᠡᠢ ᠪᠣᠯᠤᠭᠰᠠᠨ ᠨᠢ ᠨᠡᠩ ᠬᠠᠷᠠᠮᠰᠠᠯᠲᠠᠢ᠃ ᠮᠣᠩᠭᠣᠯ ᠤᠯᠤᠰ 2025 ᠣᠨ ᠳᠤ ᠮᠣᠩᠭᠣᠯ ᠪᠢᠴᠢᠭ ᠲᠦ ᠰᠢᠯᠵᠢᠬᠦ ᠵᠣᠷᠢᠯᠲᠠ ᠲᠠᠯᠪᠢᠭᠰᠠᠨ ᠪᠥᠭᠡᠳ ᠪᠡᠯᠡᠳᠬᠡᠯ ᠠᠵᠢᠯ ᠤᠳ ᠬᠢᠭᠳᠡᠵᠦ ᠪᠤᠢ ᠪᠢᠯᠡ᠃ ᠮᠣᠩᠭᠣᠯ ᠪᠢᠴᠢᠭ ᠢᠶᠡᠨ ᠲᠦᠭᠡᠭᠡᠨ ᠳᠡᠯᠭᠡᠷᠡᠭᠦᠯᠬᠦ᠂ ᠬᠣᠶᠢᠴᠢ ᠦᠶ᠎ᠡ ᠳᠡᠬᠡᠨ ᠥᠪᠯᠡᠭᠦᠯᠬᠦ ᠨᠢ ᠨᠡᠶᠢᠲᠡ ᠮᠣᠩᠭᠣᠯᠴᠤᠳ ᠤᠨ ᠠᠷᠢᠭᠤᠨ ᠡᠭᠦᠷᠭᠡ ᠲᠤᠯᠠ ᠬᠦᠮᠦᠨ ᠪᠦᠷᠢ ᠰᠢᠮᠳᠠᠨ ᠬᠢᠴᠢᠶᠡᠪᠡᠯ ᠵᠣᠬᠢᠯᠲᠠᠢ ᠴᠠᠭ ᠦᠶ᠎ᠡ ᠳᠦ ᠪᠢᠳᠡ ᠠᠮᠢᠳᠤᠷᠠᠵᠤ ᠪᠠᠶᠢᠨ᠎ᠠ᠃

ᠡᠶᠢᠮᠦ ᠡᠴᠡ《ᠮᠢᠨᠤ ᠮᠡᠳᠡᠬᠦ ᠡᠮᠦᠨᠡᠲᠦ ᠮᠣᠩᠭᠣᠯ》ᠮᠣᠩᠭᠣᠯ ᠪᠢᠴᠢᠭ ᠦᠨ ᠡᠸ᠋ᠰᠰᠸ᠂ ᠤᠷᠠᠨ ᠪᠢᠴᠢᠯᠭᠡ ᠶᠢᠨ ᠤᠷᠤᠯᠳᠤᠭᠠᠨ ᠢ 2023 ᠣᠨ ᠤ 2 ᠳ᠋ᠤᠭᠠᠷ ᠰᠠᠷ᠎ᠠ ᠶᠢᠨ 21  ᠤ ᠡᠳᠦᠷ ᠡᠴᠡ 4  ᠳᠦᠭᠡᠷ ᠰᠠᠷ᠎ᠠ ᠶᠢᠨ 25  ᠤ ᠡᠳᠦᠷ ᠬᠦᠷᠲᠡᠯ᠎ᠡ ᠮᠣᠩᠭᠣᠯ ᠤᠯᠤᠰ ᠤᠨ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠶᠢᠨ ᠰᠤᠷᠤᠭᠴᠢᠳ ᠮᠥᠨ ᠮᠣᠩᠭᠣᠯ ᠤᠯᠤᠰ ᠤᠨ ᠶᠡᠬᠡ᠂ ᠳᠡᠭᠡᠳᠦ ᠰᠤᠷᠭᠠᠭᠤᠯᠢ᠂ ᠺᠣᠯᠯᠧᠵᠢ᠂ ᠮᠡᠷᠭᠡᠵᠢᠯ ᠰᠤᠷᠭᠠᠯᠲᠠ ᠶᠢᠨ ᠲᠥᠪ ᠲᠦ ᠰᠤᠷᠤᠯᠴᠠᠵᠤ ᠪᠤᠢ ᠣᠶᠤᠲᠠᠨ ᠵᠠᠯᠠᠭᠤᠰ ᠤᠨ ᠳᠤᠮᠳᠠ ᠬᠣᠶᠠᠷ ᠳᠠᠬᠢ ᠵᠢᠯ ᠳᠦ ᠪᠡᠨ ᠵᠠᠷᠯᠠᠵᠤ ᠪᠠᠶᠢᠨ᠎ᠠ᠃

ᠬᠠᠮᠤᠷᠬᠤ ᠬᠦᠷᠢᠶ᠎ᠡ᠄

ᠤᠷᠤᠯᠳᠤᠭᠠᠨ ᠳᠤ ᠣᠷᠣᠯᠴᠠᠭᠴᠢᠳ ᠨᠢ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠦᠨ ᠳᠤᠮᠳᠠ ᠪᠠ ᠠᠬᠠᠯᠠᠬᠤ ᠠᠩᠭᠢ ᠶᠢᠨ ᠬᠢᠨ ᠮᠥᠨ ᠶᠡᠬᠡ᠂ ᠳᠡᠭᠡᠳᠦ ᠰᠤᠷᠭᠠᠭᠤᠯᠢ᠂ ᠺᠣᠯᠯᠧᠵᠢ᠂ ᠮᠡᠷᠭᠡᠵᠢᠯ ᠰᠤᠷᠭᠠᠯᠲᠠ ᠶᠢᠨ ᠲᠥᠪ ᠲᠦ ᠰᠤᠷᠤᠯᠴᠠᠵᠤ ᠪᠤᠢ ᠡᠳᠦᠷ ᠦᠨ ᠠᠩᠬᠢ ᠶᠢᠨ ᠣᠶᠤᠲᠠᠨ ᠭᠡᠰᠡᠨ 3 ᠠᠩᠭᠢᠯᠠᠯ ᠢᠶᠠᠷ ᠪᠠᠶᠢᠨ᠎ᠠ᠄

ᠠ) 6-9 ᠳ᠋ᠦ᠋ᠭᠡᠷ ᠠᠩᠭᠢ ᠪᠤᠶᠤ ᠳᠤᠮᠳᠠ ᠠᠩᠭᠢ᠂

  ᠡ) 10-12 ᠳ᠋ᠤᠭᠠᠷ ᠠᠩᠭᠢ ᠪᠤᠶᠤ ᠠᠬᠠᠯᠠᠬᠤ ᠠᠩᠭᠢ᠂

  ᠢ) I-IV  ᠳᠦᠭᠡᠷ ᠺᠦᠷᠰ ᠦᠨ ᠣᠶᠤᠲᠠᠳ

ᠤᠷᠤᠯᠳᠤᠭᠠᠨ ᠤ ᠵᠣᠷᠢᠯᠭ᠎ᠠ ᠨᠢ᠄ ᠮᠣᠩᠭᠣᠯᠴᠤᠳ ᠪᠢᠳᠡᠨ ᠦ ᠬᠣᠶᠢᠴᠢ ᠦᠶ᠎ᠡ ᠪᠣᠯᠤᠭᠰᠠᠨ ᠬᠡᠦᠬᠡᠳ ᠪᠠᠭᠠᠴᠤᠳ ᠪᠣᠯᠤᠨ ᠣᠶᠤᠲᠠᠨ᠂ ᠵᠠᠯᠠᠭᠤᠰ ᠲᠠᠭᠠᠨ ᠮᠣᠩᠭᠣᠯ ᠪᠢᠴᠢᠭ ᠢᠶᠡᠨ ᠰᠤᠷᠲᠠᠯᠴᠢᠯᠠᠬᠤ᠂ ᠮᠥᠨ ᠠᠬᠠᠨ ᠳᠡᠭᠦᠦ ᠡᠮᠦᠨᠡᠲᠦ ᠮᠣᠩᠭᠣᠯᠴᠤᠳ ᠢᠶᠠᠨ ᠰᠤᠷᠲᠠᠯᠴᠢᠯᠠᠨ ᠲᠠᠨᠢᠭᠤᠯᠬᠤ᠂ ᠰᠢᠯᠢᠳᠡᠭ ᠰᠠᠶᠢᠬᠠᠨ ᠪᠢᠴᠢᠭᠲᠡᠨ ᠨᠦᠭᠦᠳ ᠢ ᠤᠷᠮᠠᠰᠢᠭᠤᠯᠬᠤ ᠨᠢ ᠤᠷᠤᠯᠳᠤᠭᠠᠨ ᠤ ᠵᠣᠷᠢᠯᠭ᠎ᠠ ᠶᠤᠮ᠃

ᠤᠷᠤᠯᠳᠤᠭᠠᠨ ᠤ ᠰᠡᠳᠦᠪ᠄

• ᠡᠮᠦᠨᠡᠲᠦ ᠮᠣᠩᠭᠣᠯ ᠪᠤᠶᠤ ᠥᠨᠥ ᠶᠢᠨ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠬᠢᠯᠢ ᠶᠢᠨ ᠳᠣᠲᠣᠷ᠎ᠠ ᠠᠮᠢᠳᠤᠷᠠᠨ ᠰᠠᠭᠤᠵᠤ ᠪᠤᠢ ᠤᠤᠭᠠᠯ ᠮᠣᠩᠭᠣᠯᠴᠤᠳ︵ ᠳᠡᠭᠡᠳᠦ ᠮᠣᠩᠭᠣᠯ᠂ ᠰᠢᠨᠵᠢᠶᠠᠩ᠂  ᠶᠦᠨᠨᠠᠨ ᠦ ᠮᠣᠩᠭᠣᠯ᠂  ᠬᠢᠲᠠᠳ ᠤᠨ ᠵᠡᠭᠦᠨ ᠬᠣᠢᠲᠤ ᠶᠢᠨ ᠭᠤᠷᠪᠠᠨ ᠮᠤᠵᠢ  ᠳᠤ ᠠᠮᠢᠳᠤᠷᠠᠨ ᠰᠠᠭᠤᠷᠢᠰᠢᠵᠤ ᠪᠤᠢ ᠮᠣᠩᠭᠤᠯ᠂ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠮᠣᠩᠭᠣᠯ︶ ᠦᠨ ᠰᠤᠶᠤᠯ᠂ ᠲᠡᠦᠬᠡ ᠶᠢᠨ ᠲᠤᠬᠠᠢ ᠮᠡᠳᠡᠬᠦ ᠵᠦᠢᠯ ᠢᠶᠡᠨ ᠪᠢᠴᠢᠨ᠎ᠡ᠃

• ᠲᠡᠦᠬᠡᠨ ᠪᠣᠯᠤᠨ ᠥᠨᠥ ᠦᠶ᠎ᠡ ᠶᠢᠨ ᠰᠤᠤᠲᠤ ᠮᠡᠷᠭᠡᠨ ᠡᠮᠦᠨᠡᠲᠦ ᠮᠣᠩᠭᠣᠯᠴᠤᠳ ᠤᠨ ᠲᠤᠬᠠᠢ ᠮᠥᠨ ᠪᠢᠴᠢᠵᠦ ᠪᠣᠯᠤᠨ᠎ᠠ᠃

• ᠡᠮᠦᠨᠡᠲᠦ ᠮᠣᠩᠭᠣᠯ ᠬᠡᠦᠬᠡᠳ ᠲᠡᠢ ᠨᠠᠶᠢᠵᠠᠯᠠᠵᠤ ᠨᠥᠬᠥᠷᠯᠡᠳᠡᠭ ᠪᠣᠯ᠂ ᠡᠰᠡᠪᠡᠯ ᠶᠠᠮᠠᠷ ᠨᠢᠭᠡ ᠡᠮᠦᠨᠡᠲᠦ ᠮᠣᠩᠭᠣᠯ ᠬᠦᠮᠦᠨ ᠢ ᠣᠶᠢᠷ᠎ᠠ ᠳᠣᠲᠣᠨᠣ ᠲᠠᠨᠢᠳᠠᠭ ᠮᠡᠳᠡᠳᠡᠭ ᠪᠣᠯ ᠲᠡᠷᠡ ᠲᠤᠬᠠᠢ ᠪᠠᠨ ᠪᠢᠴᠢᠵᠦ ᠪᠣᠯᠤᠨ᠎ᠠ᠃

ᠪᠢᠴᠢᠪᠦᠷᠢ ᠶᠢᠨ ᠱᠠᠭᠠᠷᠳᠠᠯᠭ᠎ᠠ ᠪᠠ ᠰᠢᠯᠭᠠᠷᠠᠭᠤᠯᠤᠯᠲᠠ᠌᠄

• ᠦᠭᠡ ᠶᠢᠨ ᠲᠣᠭ᠎ᠠ᠄ 300-500 ᠪᠠᠶᠢᠨ᠎ᠠ᠃

• ᠮᠣᠩᠭᠣᠯ ᠪᠢᠴᠢᠭ ᠢᠶᠡᠷ ᠭᠠᠷ ᠢᠶᠠᠷ ᠪᠢᠴᠢᠭᠰᠡᠨ ᠪᠢᠴᠢᠪᠦᠷᠢ ᠪᠠᠶᠢᠨ᠎ᠠ᠃

• ᠪᠢᠴᠢᠭ ᠦᠨ ᠠ 4 ᠴᠠᠭᠠᠰᠤᠨ ᠳᠡᠭᠡᠷ᠎ᠡ ᠪᠢᠴᠢᠭᠰᠡᠨ ᠭᠠᠷ ᠪᠢᠴᠢᠮᠡᠯ ᠢᠶᠡᠷ ᠣᠷᠣᠯᠴᠠᠨ᠎ᠠ᠃

• ᠪᠢᠴᠢᠯᠭᠡ ᠶᠢᠨ ᠤᠳᠬ᠎ᠠ ᠠᠭᠤᠯᠭ᠎ᠠ᠂ ᠬᠡᠪ ᠵᠢᠷᠤᠯᠭ᠎ᠠ᠂ ᠵᠥᠪ ᠪᠢᠴᠢᠬᠦ ᠳᠦᠷᠢᠮ᠂ ᠨᠠᠶᠢᠷᠠᠭᠤᠯᠭ᠎ᠠ ᠶᠢ ᠬᠠᠷᠠᠭᠠᠯᠵᠠᠨ ᠰᠢᠭᠦᠨ᠎ᠡ᠃ ᠬᠥᠳᠡᠭᠡ ᠣᠷᠣᠨ ᠨᠤᠲᠤᠭ ᠠᠴᠠ ᠰᠢᠯᠭᠠᠷᠠᠭᠰᠠᠨ ᠣᠷᠣᠯᠴᠠᠭᠴᠢᠳ ᠤᠨ ᠱᠠᠩᠨᠠᠯ ᠢ ᠰᠢᠤᠳᠠᠨ ᠢᠶᠠᠷ ᠢᠯᠡᠭᠡᠨ᠎ᠡ᠃

• ᠡᠮᠦᠨᠡᠲᠦ ᠮᠣᠩᠭᠣᠯ ᠤᠨ ᠶᠡᠬᠡ ᠬᠤᠷᠠᠯᠳᠠᠢ ᠰᠢᠯᠢᠳᠡᠭ ᠪᠦᠲᠦᠭᠡᠯ ᠦᠳ ᠢ 5 ᠳ᠋ᠤᠭᠠᠷ ᠰᠠᠷ᠎ᠠ ᠶᠢᠨ 5 ᠬᠦᠷᠲᠡᠯ᠎ᠡ ᠰᠢᠯᠭᠠᠷᠠᠭᠤᠯᠵᠤ ᠳᠡᠯᠡᠬᠡᠢ ᠶᠢᠨ ᠮᠣᠩᠭᠣᠯᠴᠤᠳ ᠤᠨ ᠬᠣᠯᠪᠣᠭ᠎ᠠ ᠱᠠᠩᠨᠠᠯ ᠭᠠᠷᠳᠠᠭᠤᠯᠬᠤ ᠦᠢᠯᠡ ᠠᠵᠢᠯᠯᠠᠭ᠎ᠠ ᠶᠢ ᠵᠣᠬᠢᠶᠠᠨ ᠪᠠᠶᠢᠭᠤᠯᠤᠨ᠎ᠠ᠃

 ᠠᠩᠬᠠᠷᠬᠤ ᠵᠦᠢᠯᠡᠰ᠄

ᠵᠢᠭᠠᠭᠰᠠᠨ ᠬᠡᠮᠵᠢᠶᠡᠨ ᠡᠴᠡ ᠪᠤᠰᠤᠳ ᠬᠡᠮᠵᠢᠶ᠎ᠡ ᠶᠢ ᠬᠦᠯᠢᠶᠡᠨ ᠠᠪᠬᠤ ᠦᠭᠡᠢ ᠪᠣᠯᠤᠨ᠎ᠠ᠃ ᠤᠷᠤᠯᠳᠤᠭᠠᠨ ᠳᠤ ᠪᠢᠴᠢᠪᠦᠷᠢ ᠪᠡᠨ ᠢᠯᠡᠭᠡᠬᠦ ᠮᠡᠶᠢᠯ ᠳᠦ ᠪᠡᠨ ᠪᠣᠯᠤᠨ ᠪᠢᠴᠢᠪᠦᠷᠢ ᠶᠢᠨ ᠢᠶᠡᠨ ᠲᠡᠭᠦᠰᠬᠡᠯ ᠳᠦ ᠥᠪᠡᠷ ᠦᠨ ᠣᠪᠤᠭ᠂ ᠨᠡᠷ᠎ᠡ᠂ ᠠᠩᠭᠢ᠂ ᠰᠤᠷᠭᠠᠭᠤᠯᠢ᠂ ᠢᠮᠠᠢᠯ ᠬᠠᠶ᠋ᠢᠭ᠂ ᠤᠲᠠᠰᠤᠨ ᠤ ᠳ᠋ᠤᠭᠠᠷ ᠢᠶᠠᠨ ᠵᠠᠪᠠᠯ ᠲᠣᠳᠣᠷᠬᠠᠢ ᠪᠢᠴᠢᠭᠰᠡᠨ ᠪᠠᠶᠢᠬᠤ ᠶᠢ ᠠᠩᠬᠠᠷᠤᠨ᠎ᠠ ᠤᠤ᠃

ᠪᠢᠴᠢᠪᠦᠷᠢ ᠶᠢ ᠬᠦᠯᠢᠶᠡᠨ ᠠᠪᠬᠤ᠄

ᠪᠢᠴᠢᠪᠦᠷᠢ ᠶᠢ 4 ᠳᠦᠭᠡᠷ ᠰᠠᠷ᠎ᠠ ᠶᠢᠨ 25  ᠤ ᠳᠣᠲᠣᠷ᠎ᠠ info@wmc.mn ᠢᠮᠠᠢᠯ ᠪᠡᠷ ᠬᠦᠯᠢᠶᠡᠵᠦ ᠠᠪᠤᠨ᠎ᠠ᠃

 ᠹᠠᠢᠯ ᠢᠶᠠᠷ ‍(ᠵᠢᠷᠤᠭ ᠢᠶᠠᠷ᠂ ᠡᠰᠡᠪᠡᠯ ᠰᠺᠠᠨᠧᠳᠠᠭᠰᠠᠨ ᠬᠤᠪᠢᠯᠪᠤᠷᠢ ᠪᠠᠷ) ᠬᠦᠯᠢᠶᠡᠨ ᠠᠪᠤᠨ᠎ᠠ᠃ ᠵᠢᠷᠤᠭ ᠢᠶᠠᠷ ᠪᠣᠯ ᠭᠠᠷᠴᠠᠭ ᠲᠠᠢ ᠠᠪᠬᠤ ᠶᠢ ᠠᠩᠬᠠᠷᠤᠨ᠎ᠠ ᠤᠤ!

 ᠹᠠᠢᠯ ᠢᠶᠠᠷ ᠠᠪᠬᠤ ᠴᠠᠬᠢᠮ ᠬᠠᠶᠠᠭ᠄ Info@wmc.mn

ᠬᠣᠯᠪᠣᠭ᠎ᠠ ᠪᠠᠷᠢᠬᠤ᠄ 70000998; 90808511;

ᠨᠠᠰᠤᠨ ᠤ ᠭᠤᠷᠪᠠᠨ ᠠᠩᠭᠢᠯᠠᠯ ᠲᠤᠰ ᠪᠦᠷᠢ ᠳᠦ᠄

1 ᠳᠦᠭᠡᠷ ᠪᠠᠶᠢᠷᠢ – ᠨᠢᠭᠡ᠃ ᠡᠷᠭᠦᠮᠵᠢᠯᠡᠯ᠂ ᠮᠥᠩᠭᠥᠨ ᠱᠠᠩᠨᠠᠯ (300᠂000 ᠲᠥᠭᠥᠷᠢᠭ)

2 ᠳ᠋ᠤᠭᠠᠷ ᠪᠠᠶᠢᠷᠢ – ᠨᠢᠭᠡ᠃ ᠡᠷᠭᠦᠮᠵᠢᠯᠡᠯ᠂ ᠮᠥᠩᠭᠥᠨ ᠱᠠᠩᠨᠠᠯ (250᠂000 ᠲᠥᠭᠥᠷᠢᠭ)

3 ᠳ᠋ᠤᠭᠠᠷ ᠪᠠᠶᠢᠷᠢ – ᠨᠢᠭᠡ᠃ ᠡᠷᠭᠦᠮᠵᠢᠯᠡᠯ᠂ ᠮᠥᠩᠭᠥᠨ ᠱᠠᠩᠨᠠᠯ (200᠂000 ᠲᠥᠭᠥᠷᠢᠭ)

ᠲᠤᠰᠬᠠᠢ ᠪᠠᠶᠢᠷᠢ – ᠭᠤᠷᠪᠠ᠃ ᠡᠷᠭᠦᠮᠵᠢᠯᠡᠯ᠂ ᠮᠥᠩᠭᠥᠨ ᠱᠠᠩᠨᠠᠯ (ᠲᠤᠰ ᠪᠦᠷᠢ ᠳᠦ 100᠂000 ᠲᠥᠭᠥᠷᠢᠭ)

ᠤᠷᠤᠯᠳᠤᠭᠠᠨ ᠤ ᠳ᠋ᠦᠩ᠂ ᠰᠢᠯᠭᠠᠷᠠᠭᠴᠢᠳ ᠤᠨ ᠪᠦᠲᠦᠭᠡᠯ ᠢ ᠡᠮᠦᠨᠡᠲᠦ ᠮᠣᠩᠭᠣᠯ ᠤᠨ ᠶᠡᠬᠡ ᠬᠤᠷᠠᠯᠳᠠᠢ ᠪᠣᠯᠤᠨ ᠳᠡᠯᠡᠬᠡᠢ ᠶᠢᠨ ᠮᠣᠩᠭᠣᠯᠴᠤᠳ ᠤᠨ ᠬᠣᠯᠪᠤᠭᠠᠨ ᠤ ᠸᠧᠪ ᠬᠠᠭᠤᠳᠠᠰᠤ᠂ ᠰᠣᠣᠰᠢᠶᠠᠯ ᠬᠠᠶ᠋ᠢᠭ ᠤᠳ ᠲᠤ ᠨᠡᠶᠢᠲᠡᠯᠡᠨ᠎ᠡ᠃

ᠶᠡᠷᠦᠩᠬᠡᠢ ᠵᠣᠬᠢᠶᠠᠨ ᠪᠠᠶᠢᠭᠤᠯᠤᠭᠴᠢ᠂  ᠰᠫᠣᠨᠰᠣᠷ᠄

 ᠡᠮᠦᠨᠡᠲᠦ ᠮᠣᠩᠭᠣᠯ ᠤᠨ ᠶᠡᠬᠡ ᠬᠤᠷᠠᠯᠳᠠᠢ

ᠬᠠᠮᠲᠤᠷᠠᠨ ᠵᠣᠬᠢᠶᠠᠨ ᠪᠠᠶᠢᠭᠤᠯᠤᠭᠴᠢ᠄

           ᠳᠡᠯᠡᠬᠡᠢ ᠶᠢᠨ ᠮᠣᠩᠭᠣᠯᠴᠤᠳ ᠤᠨ ᠬᠣᠯᠪᠤᠭ᠎ᠠ

ᠮᠣᠩᠭᠣᠯ ᠬᠡᠯᠡ

ᠪᠢᠮᠪᠠ ᠶᠢᠨ ᠷᠢᠨᠴᠢᠨ

ᠴᠢᠬᠢᠨ ᠦ ᠴᠢᠮᠡᠭ ᠪᠣᠯᠤᠭᠰᠠᠨ ᠠᠶᠠᠯᠭᠤ ᠰᠠᠶᠢᠬᠠᠨ ᠮᠣᠩᠭᠣᠯ ᠬᠡᠯᠡ᠂

ᠴᠢᠩ ᠵᠣᠷᠢᠭᠲᠤ ᠡᠪᠦᠭᠡᠳ ᠳᠡᠭᠡᠳᠦᠰ ᠦᠨ ᠮᠢᠨᠢ ᠥᠪ ᠶᠡᠬᠡ ᠡᠷᠳᠡᠨᠢ᠃

ᠰᠤᠨᠤᠰᠬᠤ ᠪᠦᠷ ᠢᠷᠠᠭᠤ ᠪᠠᠶᠠᠯᠢᠭ ᠢ ᠭᠠᠶᠢᠬᠠᠨ ᠪᠠᠶᠠᠰᠴᠤ᠂

ᠰᠣᠳᠣ ᠶᠡᠬᠡ ᠪᠢᠯᠢᠭᠲᠦ ᠲᠦᠮᠡᠨ ᠶᠣᠭᠡᠨ ᠪᠢᠰᠢᠷᠡᠨ ᠮᠠᠭᠲᠠᠮᠤ ᠪᠢ!

ᠤᠷᠢᠳᠤ ᠶᠢᠨ ᠪᠡᠷᠬᠡ ᠴᠠᠭ ᠲᠤ ᠤᠯᠤᠰ ᠮᠣᠩᠭᠣᠯ ᠤᠨ ᠬᠡᠲᠦ ᠵᠠᠶᠠᠭ᠎ᠠ ᠶᠢ

ᠤᠶᠢᠳᠬᠠᠷᠯᠠᠨ ᠪᠣᠳᠣᠬᠤ ᠳᠤ ᠤᠷᠮ᠎ᠠ ᠵᠣᠷᠢᠭ ᠢ ᠮᠢᠨᠢ ᠰᠡᠷᠭᠦᠭᠡᠭᠰᠡᠨ᠂

ᠥᠭᠡᠳᠡᠯᠡᠨ ᠳᠡᠪᠵᠢᠬᠦ ᠶᠢᠨ ᠲᠡᠭᠦᠰ ᠬᠤᠪᠢ ᠲᠠᠢ ᠳᠤ ᠨᠢ ᠢᠲᠡᠭᠡᠭᠦᠯᠦᠭᠰᠡᠨ᠂

ᠥᠷᠨᠢᠨ ᠮᠠᠨᠳᠤᠬᠤ ᠶᠢᠨ ᠰᠢᠨᠵᠢ ᠪᠦᠷᠢᠳᠦᠭᠰᠡᠨ ᠡᠪᠦᠭᠡᠳ ᠦᠨ ᠮᠢᠨᠢ ᠬᠡᠯᠡ!

ᠮᠥᠷᠡᠨ ᠭᠣᠣᠯ ᠴᠢᠳᠬᠤᠯᠠᠩᠲᠤ᠂ ᠰᠢᠷᠭᠢᠰᠢ ᠦᠭᠡᠢ ᠶᠡᠬᠡ ᠳᠠᠯᠠᠢ ᠮᠡᠲᠦ᠂

 ᠮᠦᠩᠬᠡᠲᠡ ᠦᠷ᠎ᠡ ᠠᠴᠢ ᠨᠠᠷ ᠤᠨ ᠵᠠᠯᠭᠠᠮᠵᠢ ᠪᠠᠷ ᠪᠠᠳᠠᠷᠠᠩᠬᠠᠨ ᠳᠡᠯᠭᠡᠷᠡᠵᠦ᠂

ᠬᠥᠨᠳᠡᠢ ᠴᠡᠭᠡᠵᠢᠨ ᠳᠦ ᠣᠷᠣᠭᠴᠢ ᠪᠦᠭᠦᠳᠡ ᠶᠢ ᠨᠡᠪᠲᠡᠷᠡᠭᠦᠯᠬᠦ ᠴᠢᠳᠠᠯᠲᠤ

ᠬᠥᠭᠵᠢᠮ᠎ ᠮᠡᠲᠦ ᠢᠷᠠᠭᠤ ᠪᠠᠶᠠᠰᠬᠤᠯᠠᠩᠲᠤ ᠮᠣᠩᠭᠣᠯ ᠬᠡᠯᠡ ᠮᠢᠨᠤ!

info@southmongolia.org