ᠲᠥᠪᠡᠳ ᠣᠢᠭᠣᠷ ᠮᠣᠩᠭᠣᠯ ᠤᠨ ᠰᠧᠮᠢᠨᠠᠷ
ᠬᠢᠲᠠᠳ ᠤᠨ ᠺᠣᠮᠮᠦᠨᠢᠰᠲ ᠨᠠᠮ ᠳᠤ ᠡᠵᠡᠯᠡᠭᠳᠡᠭᠰᠡᠨ ᠣᠷᠣᠨ᠄ ᠬᠠᠮᠲᠤ ᠶᠢᠨ ᠠᠵᠢᠯᠯᠠᠭᠠᠨ ᠤ ᠴᠢᠬᠤᠯᠠ ᠴᠢᠨᠠᠷ
9 ᠳ᠋ᠦ᠋ᠭᠡᠷ ᠰᠠᠷ᠎ᠠ ᠶᠢᠨ 23 ᠦ ᠡᠳᠦᠷ᠂ ᠲᠣᠣᠺᠢᠣ᠋ ᠶᠢᠨ ᠪᠦᠨᠺᠢᠶᠣᠣ ᠳᠡᠭᠦᠷᠭᠡ ᠶᠢᠨ ᠰᠢᠪᠢᠺᠺᠦ ᠣᠷᠳᠣᠨ ᠳᠦ ᠲᠥᠪᠡᠳ ᠣᠢᠭᠣᠷ ᠮᠣᠩᠭᠣᠯ ᠤᠨ ᠬᠠᠮᠲᠤᠷᠠᠭᠰᠠᠨ ᠰᠧᠮᠢᠨᠠᠷ ᠪᠣᠯᠵᠠᠢ᠃
ᠲᠤᠰ ᠰᠧᠮᠢᠨᠠᠷ ᠨᠢ ᠲᠥᠪᠡᠳ ᠦᠨ ᠲᠥᠪ ᠵᠠᠰᠠᠭ ᠤᠨ ᠲᠡᠷᠢᠭᠦᠨ ᠰᠠᠢᠳ ᠤᠨ ᠶᠠᠫᠣᠨ ᠳᠤ ᠠᠢᠯᠴᠢᠯᠠᠬᠤ ᠶᠢ ᠲᠣᠬᠢᠶᠠᠯᠳᠤᠭᠤᠯᠤᠨ᠂ ᠲᠥᠪᠡᠳ ᠦᠨ ᠲᠥᠪ ᠵᠠᠰᠠᠭ ( ᠲᠥᠪᠡᠳ ᠦᠨ ᠳᠦᠷᠪᠡᠭᠰᠡᠳ ᠦᠨ ᠵᠠᠰᠠᠭ ᠤᠨ ᠭᠠᠵᠠᠷ᠂ ᠡᠨᠡᠳᠬᠡᠭ ᠦᠨ ᠳ᠋ᠠᠷᠠᠮᠰᠠᠯᠠ ) ᠦᠨ ᠶᠠᠫᠣᠨ ᠳᠠᠬᠢ ᠲᠥᠯᠥᠭᠡᠯᠡᠭᠴᠢ ᠶᠢᠨ ᠭᠠᠵᠠᠷ ᠪᠣᠯᠣᠨ ᠲᠥᠪᠡᠳ ᠢ ᠲᠤᠰᠠᠯᠠᠬᠤ ᠬᠣᠯᠪᠣᠭ᠎ᠠ ᠨᠢ ᠬᠠᠮᠲᠤᠷᠠᠨ ᠵᠣᠬᠢᠶᠠᠨ ᠪᠠᠢᠭᠤᠯᠤᠭᠰᠠᠨ ᠪᠥᠭᠡᠳ 《 ᠬᠢᠲᠠᠳ ᠤᠨ ᠺᠣᠮᠮᠦᠨᠢᠰᠲ ᠨᠠᠮ ᠳᠤ ᠡᠵᠡᠯᠡᠭᠳᠡᠭᠰᠡᠨ ᠣᠷᠣᠨ᠄ ᠬᠠᠮᠲᠤ ᠶᠢᠨ ᠠᠵᠢᠯᠯᠠᠭᠠᠨ ᠤ ᠴᠢᠬᠤᠯᠠ ᠴᠢᠨᠠᠷ 》 ᠰᠡᠳᠦᠪ ᠢᠶᠡᠷ ᠶᠠᠪᠤᠭᠳᠠᠭᠰᠠᠨ ᠪᠠᠢᠨ᠎ᠠ᠃
ᠰᠧᠮᠢᠨᠠᠷ ᠲᠤ ᠡᠮᠦᠨᠡᠲᠦ ᠮᠣᠩᠭᠣᠯ᠂ ᠣᠢᠭᠤᠷ ᠤᠨ ᠲᠥᠯᠦᠭᠡᠯᠡᠭᠴᠢᠳ ᠴᠤ᠌ ᠤᠷᠢᠭᠳᠠᠨ ᠣᠷᠣᠯᠴᠠᠵᠣ᠂ ᠬᠢᠲᠠᠳ ᠤᠨ ᠺᠣᠮᠮᠦᠨᠢᠰᠲ ᠨᠠᠮ ᠳᠤ ᠡᠵᠡᠯᠡᠭᠳᠡᠭᠰᠡᠨ ᠡᠳᠡᠭᠡᠷ ᠣᠷᠣᠨ ᠨᠤᠭᠤᠳ ᠤᠨ ᠪᠤᠳᠠᠳᠤ ᠪᠠᠢᠳᠠᠯ ᠢ ᠲᠠᠨᠢᠯᠴᠠᠭᠤᠯᠬᠤ ᠶᠢᠨ ᠳᠠᠭᠠᠤ ᠬᠢᠲᠠᠳ ᠤᠨ ᠺᠣᠮᠮᠦᠨᠢᠰᠲ ᠨᠠᠮ ᠤᠨ ᠺᠣᠯᠣᠨᠢᠴᠢᠯᠠᠯ ᠤᠨ ᠨᠣᠶᠠᠷᠬᠠᠯ ᠤᠨ ᠮᠦᠨ ᠴᠢᠨᠠᠷ ᠢ ᠢᠯᠡᠴᠢᠯᠡᠨ ᠰᠢᠭᠦᠮᠵᠢᠯᠡᠵᠡᠢ᠃
ᠲᠤᠰ ᠰᠧᠮᠢᠨᠠᠷ ᠲᠤ ᠡᠮᠦᠨᠡᠲᠦ ᠮᠣᠩᠭᠣᠯ ᠤᠨ ᠲᠥᠯᠥᠭᠡᠯᠡᠨ ᠤᠷᠢᠭᠳᠠᠨ ᠣᠷᠣᠯᠴᠠᠭᠰᠠᠨ ᠣᠯᠬᠣᠨᠣᠳ ᠳᠠᠢᠴᠢᠨ ( ᠡᠮᠦᠨᠡᠲᠦ ᠮᠣᠩᠭᠣᠯ ᠤᠨ ᠶᠡᠬᠡ ᠬᠤᠷᠠᠯᠳᠠᠢ ᠶᠢᠨ ᠪᠠᠢᠩᠭᠤ ᠶᠢᠨ ᠳᠡᠳ᠋ ᠲᠡᠷᠢᠭᠦᠨ ) ᠪᠠᠷ᠂ 《 ᠡᠮᠦᠨᠡᠲᠦ ᠮᠣᠩᠭᠣᠯ 》 ᠦᠨ ᠨᠡᠷᠡᠢᠳᠦᠯ ᠪᠣᠯᠣᠨ ᠲᠡᠭᠦᠨ ᠬᠠᠮᠤᠷᠠᠬᠤ ᠬᠦᠷᠢᠶ᠎ᠡ ᠬᠡᠪᠴᠢᠶ᠎ᠡ ᠶᠢᠨ ᠲᠤᠬᠠᠢ ᠲᠣᠪᠴᠢᠬᠠᠨ ᠲᠠᠢᠯᠪᠤᠷᠢᠯᠠᠭᠰᠠᠨ ᠤ ᠪᠠᠨ ᠳᠠᠷᠠᠭ᠎ᠠ᠂ ᠡᠮᠦᠨᠡᠲᠦ ᠮᠣᠩᠭᠣᠯᠴᠤᠳ ᠤᠨ ᠬᠣᠷᠢᠳᠤᠭᠠᠷ ᠵᠠᠭᠤᠨ ᠤ ᠡᠮᠦᠨ᠎ᠡ ᠬᠠᠭᠠᠰ ᠬᠤᠭᠤᠴᠠᠭᠠᠨ ᠳᠤ ᠥᠪᠡᠷᠰᠡᠳ ᠦᠨ ᠡᠷᠬᠡ ᠴᠢᠯᠦᠭᠡ ᠳᠣᠰᠠᠭᠠᠷ ᠲᠣᠭᠲᠠᠨᠢᠯ ᠤᠨ ᠲᠥᠯᠦᠭᠡᠬᠢ ᠲᠡᠮᠡᠴᠡᠯ ᠢ ᠣᠨ ᠤ ᠳᠠᠷᠠᠯᠠᠭᠠᠯ ᠢᠶᠠᠷ ᠳᠥᠭᠥᠮᠬᠡᠨ ᠲᠠᠨᠢᠯᠴᠠᠭᠤᠯᠵᠤ᠂ ᠬᠢᠲᠠᠳ ᠤᠨ ᠺᠣᠮᠮᠦᠨᠢᠰᠲ ᠨᠠᠮ ᠳᠤ ᠡᠵᠡᠯᠡᠭᠳᠡᠭᠰᠡᠨ ᠦ ᠳᠠᠷᠠᠭᠠᠬᠢ ᠳᠠᠯ᠎ᠠ ᠭᠠᠷᠤᠢ ᠵᠢᠯ ᠶᠢᠨ ᠣᠨᠴᠠᠯᠠᠬᠤ ᠲᠠᠯ᠎ᠠ ᠶᠢ ᠴᠤ᠌ ᠲᠣᠭ᠎ᠠ ᠪᠠᠷᠢᠮᠲᠠ ᠲᠠᠢ ᠲᠠᠨᠢᠯᠴᠠᠭᠤᠯᠤᠨ ᠶᠠᠷᠢᠵᠤ᠂ ᠬᠤᠷᠠᠯᠳᠠᠢ ᠶᠢᠨ ᠢᠶᠡᠨ ᠬᠠᠷᠠᠯᠲᠠ ᠶᠢ ᠴᠤ᠌ ᠳᠦᠭᠦᠮ ᠲᠣᠳᠣᠷᠬᠠᠢᠯᠠᠵᠤ᠂ ᠮᠣᠩᠭᠣᠯ ᠲᠥᠪᠡᠳ ᠣᠢᠭᠣᠷ ᠤᠨ ᠬᠠᠮᠲᠤᠷᠠᠨ ᠠᠵᠢᠯᠯᠬᠠᠤ ᠲᠠᠯ᠎ᠠ ᠪᠠᠷ ᠴᠤ᠌ ᠰᠠᠨᠠᠯ ᠢᠶᠠᠨ ᠦᠭᠦᠯᠡᠵᠡᠢ᠃
ᠲᠥᠪᠡᠳ ᠦᠨ ᠲᠥᠪ ᠵᠠᠰᠠᠭ ᠤᠨ ᠲᠡᠷᠢᠭᠦᠨ ᠰᠠᠢᠳ ᠪᠢᠮᠪᠠᠰᠦ᠋ᠷᠦᠩ ᠮᠣᠩᠭᠣᠯ ᠲᠥᠪᠡᠳ ᠦᠨ ᠲᠡᠦᠬᠡᠨ ᠳᠡᠬᠢ ᠨᠦᠬᠦᠷᠰᠡᠭ ᠬᠠᠷᠢᠴᠠᠭ᠎ᠠ᠂ ᠲᠥᠪᠡᠳ ᠣᠢᠭᠣᠷ ᠡᠮᠦᠨᠡᠲᠦ ᠮᠣᠩᠭᠣᠯ ᠤᠨ ᠬᠠᠮᠲᠤᠷᠠᠨ ᠠᠵᠢᠯᠯᠠᠬᠤ ᠴᠢᠬᠤᠯᠠ ᠴᠢᠨᠠᠷ ᠵᠢᠴᠢ ᠬᠣᠢᠰᠢᠲᠠ ᠶᠢᠨ ᠬᠠᠮᠲᠤ ᠶᠢᠨ ᠠᠵᠢᠯᠯᠠᠭᠠᠨ ᠤ ᠵᠠᠩᠭᠢᠯᠠᠭ᠎ᠠ ᠪᠠᠨ ᠳᠤᠷᠠᠳᠬᠤ ᠶᠢᠨ ᠵᠡᠷᠭᠡ ᠪᠡᠷ ᠡᠮᠦᠨᠡᠲᠦ ᠮᠣᠩᠭᠣᠯ ᠤᠨ ᠶᠡᠬᠡ ᠬᠤᠷᠠᠯᠳᠠᠢ ᠯᠤᠭ᠎ᠠ ᠬᠡᠳᠦᠨ ᠵᠢᠯ ᠦᠨ ᠡᠮᠦᠨ᠎ᠡ ᠡᠴᠡ ᠲᠠᠨᠢᠯᠴᠠᠵᠤ ᠪᠠᠢᠭᠰᠠᠨ ᠢᠶᠠᠨ ᠴᠤ᠌ ᠴᠣᠬᠣᠢᠯᠭᠠᠨ ᠲᠤᠷᠠᠳᠴᠤ ᠪᠠᠢᠵᠠᠢ᠃ ᠲᠡᠷᠡ ᠪᠡᠷ 《 ᠲᠥᠪᠡᠳ ᠮᠣᠩᠭᠣᠯ ᠣᠢᠭᠤᠷ 》 ᠦᠨ ᠬᠠᠮᠲᠤ ᠶᠢᠨ ᠠᠵᠢᠯᠯᠠᠭ᠎ᠠ᠂ ᠲᠡᠦᠬᠡ ᠰᠤᠶᠤᠯ᠂ ᠬᠤᠪᠢ ᠵᠠᠶᠠᠭᠠᠨ ᠤ ᠲᠤᠬᠠᠢ ᠤᠷᠢᠳ ᠬᠣᠵᠢᠳ 12 ᠤᠳᠠᠭ᠎ᠠ ᠤᠳᠠᠭ᠎ᠠ ᠳᠤᠷᠠᠳᠤᠭᠰᠠᠨ ᠪᠠᠢᠯ᠎ᠠ᠃ ᠡᠮᠦᠨᠡᠲᠦ ᠮᠣᠩᠭᠣᠯ ᠤᠨ ᠶᠡᠬᠡ ᠬᠤᠷᠠᠯᠳᠠᠢ ᠨᠢ ᠪᠠᠢᠭᠤᠯᠤᠭᠳᠠᠭᠰᠠᠨ ᠤ ᠪᠠᠨ ᠳᠠᠷᠠᠭᠠᠬᠠᠨ᠂ ᠶᠠᠫᠣᠨ ᠤᠯᠤᠰ ᠤᠨ ᠶᠣᠺᠣᠬᠠᠮᠠ ᠬᠣᠲᠠᠨ ᠳᠤ ᠳᠡᠭᠡᠷᠡᠬᠢ ᠶᠢᠨ ᠭᠡᠭᠡᠨᠲᠡᠨ ᠳᠠᠯᠠᠢ ᠪᠠᠭᠰᠢ ᠲᠠᠢ ᠬᠤᠷᠠᠯᠳᠠᠢ ᠶᠢᠨ ᠲᠡᠷᠢᠭᠦᠨ ᠲᠡᠮᠡᠴᠡᠯᠲᠦ ᠶᠢᠨ ᠬᠠᠮᠲᠤ ᠬᠡᠰᠡᠭ ᠲᠥᠯᠦᠭᠡᠯᠡᠭᠴᠢᠳ ᠠᠭᠤᠯᠵᠠᠨ ᠵᠣᠯᠭᠣᠵᠣ ᠪᠠᠢᠭᠰᠠᠨ ᠪᠦᠭᠡᠳ ᠬᠤᠷᠠᠯᠳᠠᠢ ᠶᠢᠨ ᠲᠥᠯᠥᠭᠡᠯᠡᠭᠴᠢᠳ ᠨᠢ ᠡᠨᠡᠳᠬᠡᠭ ᠦᠨ ᠳ᠋ᠠᠷᠠᠮᠰᠠᠯᠠ ᠳᠤ ᠤᠷᠢᠳ ᠬᠣᠵᠢᠳ ᠬᠡᠳᠦ ᠤᠳᠠᠭ᠎ᠠ ᠠᠢᠯᠴᠢᠯᠠᠵᠤ ᠂ ᠲᠥᠪᠡᠳ ᠦᠨ ᠲᠥᠪ ᠵᠠᠰᠠᠭ ᠤᠨ ᠭᠠᠵᠠᠷ ᠶᠢᠨ ᠲᠤᠷᠰᠢᠯᠭ᠎ᠠ ᠰᠤᠷᠭᠠᠮᠵᠢ ᠶᠢ ᠰᠤᠷᠤᠯᠴᠠᠨ᠂ ᠬᠠᠮᠲᠤ ᠶᠢᠨ ᠠᠵᠢᠯᠯᠠᠭᠠᠨ ᠵᠣᠬᠢᠶᠠᠨ ᠪᠠᠢᠭᠤᠯᠵᠤ ᠪᠠᠢᠭᠰᠠᠨ ᠪᠠᠢᠪᠠ᠃
ᠬᠤᠷᠠᠯ ᠳᠤ ᠪᠠᠰᠠ 《 ᠤᠯᠤᠰ ᠤᠨ ᠦᠨᠳᠦᠰᠦᠨ ᠠᠰᠠᠭᠤᠳᠠᠯ ᠢ ᠰᠣᠳᠣᠯᠠᠬᠤ ᠭᠠᠵᠠᠷ 》 ᠦᠨ ᠳᠠᠷᠤᠭ᠎ᠠ ᠰᠠᠺᠦᠷᠠᠶ᠋ᠢ ᠶᠣᠰᠢᠺᠣ᠂ 《 ᠲᠥᠪᠡᠳ ᠢ ᠳᠡᠮᠵᠢᠬᠦ ᠤᠯᠤᠰ ᠤᠨ ᠬᠤᠷᠠᠯ ᠤᠨ ᠭᠡᠰᠢᠭᠦᠳ ᠦᠨ ᠬᠣᠯᠪᠤᠭᠠᠨ 》 ᠤ ᠳᠠᠷᠤᠭ᠎ᠠ ᠰᠢᠮᠣᠮᠦᠷᠠ ᠬᠠᠺᠦᠪᠦᠨ᠂ 《 ᠣᠢᠭᠣᠷ ᠢ ᠳᠡᠮᠵᠢᠬᠦ ᠤᠯᠤᠰ ᠤᠨ ᠬᠤᠷᠠᠯ ᠤᠨ ᠭᠡᠰᠢᠭᠦᠳ ᠦᠨ ᠬᠣᠯᠪᠤᠭᠠᠨ 》 ᠦ ᠨᠠᠷᠢᠨ ᠪᠢᠴᠢᠭ ᠦᠨ ᠳᠠᠷᠤᠭ᠎ᠠ ᠮᠢᠽᠦᠪᠠᠶᠠᠰᠢ ᠾᠢᠷᠣᠮᠢ ᠨᠠᠷ ᠤᠷᠢᠭᠳᠠᠨ ᠣᠷᠣᠯᠴᠠᠵᠤ ᠤᠷᠢᠳ ᠬᠣᠵᠢᠳ ᠦᠭᠡ ᠶᠠᠷᠢᠵᠠᠢ᠃
ᠰᠧᠮᠢᠨᠠᠷ ᠤᠨ ᠨᠡᠭᠡᠭᠡᠯᠲᠡ ᠶᠢᠨ ᠦᠭᠡ ᠶᠢ ᠲᠥᠪᠡᠳ ᠦᠨ ᠲᠥᠪ ᠵᠠᠰᠠ ᠦᠨ ᠶᠠᠫᠣᠨ ᠳᠠᠬᠢ ᠲᠥᠯᠥᠭᠡᠯᠡᠭᠴᠢ ᠶᠢᠨ ᠭᠠᠵᠠᠷ ᠤᠨ ᠳᠠᠷᠤᠭ᠎ᠠ ᠠᠷᠢᠶ᠎ᠠ ᠶᠠᠷᠢᠵᠤ᠂ ᠬᠠᠭᠠᠭᠠᠯᠲᠠ ᠶᠢᠨ ᠦᠭᠡ ᠶᠢ ᠲᠥᠪᠡᠳ ᠢ ᠲᠤᠰᠠᠯᠠᠬᠤ ᠬᠣᠯᠪᠤᠭᠠᠨ ᠤ ᠳᠠᠷᠤᠭ᠎ᠠ ᠮᠠᠺᠢᠨᠣ᠋ ᠰᠧᠢᠰᠢᠦ ᠶᠠᠷᠢᠨ᠂ ᠲᠥᠪᠡᠳ ᠢ ᠳᠡᠮᠵᠢᠬᠦ ᠤᠯᠤᠰ ᠤᠨ ᠬᠤᠷᠠᠯ ᠤᠨ ᠭᠡᠰᠢᠭᠦᠳ ᠦᠨ ᠬᠣᠯᠪᠤᠭᠠᠨ ᠤ ᠨᠠᠷᠢᠨ ᠪᠢᠴᠢᠭ ᠦᠨ ᠳᠠᠷᠤᠭ᠎ᠠ ᠢᠰᠢᠺᠠᠸᠠ ᠠᠺᠢᠮᠠᠰᠠ ᠪᠠᠷ ᠬᠤᠷᠠᠯ ᠢ ᠬᠦᠲᠦᠯᠡᠭᠰᠡᠨ ᠪᠠᠢᠯ᠎ᠠ᠃
ᠡᠷᠳᠡᠨᠢ ᠮᠡᠳᠡᠭᠡᠯᠡᠵᠦ᠂ ᠵᠢᠷᠤᠭ ᠢ mori & n ᠬᠠᠩᠭᠠᠪᠠ
ᠬᠡᠪᠯᠡᠯ ᠦᠨ ᠬᠤᠷᠠᠯ ᠤᠨ ᠦᠶ᠎ᠡ ᠶᠢᠨ ᠪᠠᠢᠳᠠᠯ
ᠲᠥᠪᠡᠳ ᠦᠨ ᠲᠥᠪ ᠵᠠᠰᠠᠭ ᠤᠨ ᠲᠡᠷᠢᠭᠦᠨ ᠰᠠᠢᠳ ᠪᠢᠮᠪᠠᠰᠦ᠋ᠷᠦᠩ
ᠶᠠᠫᠣᠨ ᠳᠠᠬᠢ ᠣᠢᠭᠤᠷᠴᠤᠳ ᠤᠨ ᠨᠡᠢᠭᠡᠮᠯᠢᠭ ᠦᠨ ᠳᠠᠷᠤᠭ᠎ᠠ ᠺᠧᠷᠢᠮ
ᠡᠮᠦᠨᠡᠲᠦ ᠮᠣᠩᠭᠣᠯ ᠤᠨ ᠶᠡᠬᠡ ᠬᠤᠷᠠᠯᠳᠠᠢ ᠶᠢᠨ ᠪᠠᠢᠩᠭᠤ ᠶᠢᠨ ᠳᠡᠳ᠋ ᠲᠡᠷᠢᠭᠦᠨ ᠣᠯᠬᠣᠨᠣᠳ ᠳᠠᠢᠴᠢᠨ
ᠤᠯᠤᠰ ᠤᠨ ᠦᠨᠳᠦᠰᠦᠨ ᠠᠰᠠᠭᠤᠳᠠᠯ ᠢ ᠰᠣᠳᠣᠯᠠᠬᠤ ᠭᠠᠵᠠᠷ ᠦᠨ ᠳᠠᠷᠤᠭ᠎ᠠ ᠰᠠᠺᠦᠷᠠᠶ᠋ᠢ ᠶᠣᠰᠢᠺᠣ
ᠨᠡᠬᠡᠭᠡᠯᠲᠡ ᠶᠢᠨ ᠦᠭᠡ ᠶᠠᠷᠢᠵᠤ ᠪᠠᠢᠭ᠎ᠠ ᠲᠥᠪᠡᠳ ᠦᠨ ᠲᠥᠪ ᠵᠠᠰᠠ ᠦᠨ ᠶᠠᠫᠣᠨ ᠳᠠᠬᠢ ᠲᠥᠯᠥᠭᠡᠯᠡᠭᠴᠢ ᠶᠢᠨ ᠭᠠᠵᠠᠷ ᠤᠨ ᠳᠠᠷᠤᠭ᠎ᠠ ᠠᠷᠢᠶ᠎ᠠ
ᠲᠥᠪᠡᠳ ᠢ ᠳᠡᠮᠵᠢᠬᠦ ᠤᠯᠤᠰ ᠤᠨ ᠬᠤᠷᠠᠯ ᠤᠨ ᠭᠡᠰᠢᠭᠦᠳ ᠦᠨ ᠬᠣᠯᠪᠤᠭᠠᠨ ᠤ ᠳᠠᠷᠤᠭ᠎ᠠ ᠰᠢᠮᠣᠮᠦᠷᠠ ᠬᠠᠺᠦᠪᠦᠨ
ᠣᠢᠭᠣᠷ ᠢ ᠳᠡᠮᠵᠢᠬᠦ ᠤᠯᠤᠰ ᠤᠨ ᠬᠤᠷᠠᠯ ᠤᠨ ᠭᠡᠰᠢᠭᠦᠳ ᠦᠨ ᠬᠣᠯᠪᠤᠭᠠᠨ ᠦ ᠨᠠᠷᠢᠨ ᠪᠢᠴᠢᠭ ᠦᠨ ᠳᠠᠷᠤᠭ᠎ᠠ ᠮᠢᠽᠦᠪᠠᠶᠠᠰᠢ ᠾᠢᠷᠣᠮᠢ
ᠲᠥᠪᠡᠳ ᠦᠨ ᠲᠥᠪ ᠵᠠᠰᠠᠭ ᠤᠨ ᠲᠡᠷᠢᠭᠦᠨ ᠰᠠᠢᠳ ᠪᠢᠮᠪᠠᠰᠦ᠋ᠷᠦᠩ ᠪᠣᠯᠣᠨᠡᠮᠦᠨᠡᠲᠦ ᠮᠣᠩᠭᠣᠯ ᠤᠨ ᠶᠡᠬᠡ ᠬᠤᠷᠠᠯᠳᠠᠢ ᠶᠢᠨ ᠪᠠᠢᠩᠭᠤ ᠶᠢᠨ ᠳᠡᠳ᠋ ᠲᠡᠷᠢᠭᠦᠨ ᠣᠯᠬᠣᠨᠣᠳ ᠳᠠᠢᠴᠢᠨ ᠤ ᠬᠠᠮᠲᠤ