ᠡᠮᠦᠨᠡᠳᠦ ᠮᠣᠩᠭᠣᠯ ᠦ᠋ᠨ ᠶᠡᠬᠡ ᠬᠤᠷᠠᠯᠲᠠᠢ

ᠮᠥᠩᠬᠡᠪᠠᠶᠠᠷ ᠤᠨ ᠠᠩᠬᠠᠨ ᠱᠠᠲᠤᠨ ᠤ ᠰᠢᠭᠦᠬᠦ ᠶᠢᠨ ᠰᠢᠢᠳᠪᠦᠷᠢ ᠶᠢ ᠬᠡᠪ ᠢᠶᠡᠷ ᠦᠯᠡᠳᠡᠭᠡᠯ᠎ᠡ

ᠮᠥᠩᠬᠡᠪᠠᠶᠠᠷ ᠤᠨ ᠠᠩᠬᠠᠨ ᠱᠠᠲᠤᠨ ᠤ ᠰᠢᠭᠦᠬᠦ ᠶᠢᠨ ᠰᠢᠢᠳᠪᠦᠷᠢ ᠶᠢ ᠬᠡᠪ ᠢᠶᠡᠷ ᠦᠯᠡᠳᠡᠭᠡᠯ᠎ᠡ

ᠥᠴᠦᠭᠡᠳᠦᠷ ᠪᠣᠶᠤ 9 ᠳ᠋ᠦ᠋ᠭᠡᠷ ᠰᠠᠷ᠎ᠠ 20 ᠠᠴᠠ ᠡᠬᠢᠯᠡᠭᠰᠡᠨ ᠰᠡᠳᠭᠦᠯᠴᠢ ᠴ᠂ ᠮᠦᠩᠬᠡᠪᠠᠶᠠᠷ ᠤᠨ ᠳᠠᠪᠠᠵᠤ ᠵᠠᠭᠠᠯᠳᠤᠬᠤ ᠱᠠᠲᠤᠨ ᠤ ᠰᠢᠭᠦᠬᠦ ᠶᠢᠨ ᠬᠤᠷᠠᠯ ᠨᠢ ᠥᠨᠥᠳᠥᠷ ᠳᠠᠭᠤᠰᠴᠤ᠂ ᠠᠩᠬᠠᠨ ᠱᠠᠲᠤᠨ ᠤ ᠰᠢᠭᠦᠬᠦ ᠶᠢᠨ ᠬᠤᠷᠠᠯ ᠳᠤ ᠣᠨᠣᠭᠠᠭᠰᠠᠨ 10 ᠵᠢᠯ ᠦᠨ ᠶᠠᠯ᠎ᠠ ᠶᠢ ᠨᠢ ᠬᠡᠪ ᠢᠶᠡᠷ ᠦᠯᠡᠳᠡᠭᠡᠪᠡ᠃

ᠡᠨᠡ ᠬᠦ ᠡᠳᠦᠷ ᠳᠠᠮᠵᠢᠨ ᠬᠤᠷᠠᠯᠳᠤᠭᠰᠠᠨ ᠮᠣᠩᠭᠣᠯ ᠤᠯᠤᠰ ᠤᠨ ᠨᠡᠢᠰᠯᠡᠯ ᠤᠨ ᠳᠠᠪᠠᠵᠤ ᠵᠠᠭᠠᠯᠳᠤᠬᠤ ᠰᠢᠭᠦᠬᠦ ᠶᠢᠨ ᠬᠤᠷᠠᠯ ᠨᠢ ᠮᠣᠩᠭᠣᠯ ᠬᠦᠮᠦᠨ ᠦ ᠠᠩᠬᠠᠷᠣᠯ ᠢ ᠶᠠᠭᠠᠬᠢᠬᠤ ᠶᠢᠨ ᠠᠷᠭ᠎ᠠ ᠦᠭᠡᠢ ᠲᠠᠲᠠᠵᠤ ᠪᠠᠢᠭᠰᠠᠨ ᠨᠢ ᠦᠨᠡᠨ ᠪᠦᠭᠡᠳ ᠮᠣᠩᠭᠣᠯ ᠤᠨ ᠢᠷᠭᠡᠳ ᠦᠨ ᠦᠭᠡ ᠬᠡᠯᠡᠬᠦ ᠡᠷᠬᠡ ᠶᠢ ᠬᠠᠭᠠᠨ ᠪᠣᠭᠣᠭᠰᠠᠨ ᠪᠣᠰᠣᠷᠮᠠᠭ ᠰᠢᠢᠳᠪᠦᠷᠢ ᠪᠣᠯᠣᠭᠰᠠᠨ ᠢ ᠬᠡᠯᠡᠬᠦ ᠤᠴᠢᠷ ᠶᠠᠭᠤᠨ ᠪᠢᠯᠡ᠃

ᠰᠡᠳᠭᠦᠯᠴᠢ᠂ ᠬᠦᠮᠦᠨ ᠦ ᠡᠷᠬᠡ ᠶᠢᠨ ᠲᠥᠯᠥᠭᠡ ᠲᠡᠮᠡᠴᠡᠭᠴᠢ᠂ ᠢᠯᠠᠩᠭᠤᠶ᠎ᠠ ᠡᠮᠦᠨᠡᠲᠦ ᠮᠣᠩᠭᠣᠯ ᠤᠨ ᠬᠦᠮᠦᠨ ᠦ ᠡᠷᠬᠡ ᠶᠢᠨ ᠵᠥᠷᠢᠴᠡᠭᠳᠡᠵᠦ ᠪᠠᠢᠭ᠎ᠠ ᠳᠤ ᠪᠠᠢᠩᠭᠤ ᠳᠠᠭᠤ ᠬᠣᠭᠣᠯᠠᠢ ᠡᠷᠭᠦᠵᠦ᠂ ᠳᠡᠯᠡᠬᠡᠢ ᠨᠡᠢᠲᠡ ᠳᠦ ᠮᠡᠳᠡᠭᠡᠯᠡᠵᠦ ᠪᠠᠢᠳᠠᠭ ᠰᠢᠳᠤᠷᠭᠤ ᠰᠡᠳᠭᠦᠯᠴᠢ ᠬᠦᠮᠦᠨ ᠢ ᠠᠩᠬᠠᠨ ᠱᠠᠲᠤᠨ ᠤ ᠰᠢᠭᠦᠬᠦ ᠬᠤᠷᠠᠯ ᠳᠤ 《 ᠪᠦᠭᠦᠳᠡ ᠨᠠᠢᠷᠠᠮᠳᠠᠬᠤ ᠬᠢᠲᠠᠳ ᠠᠷᠠᠳ ᠤᠯᠤᠰ ᠤᠨ ᠡᠰᠡᠷᠭᠦ ᠠᠵᠢᠯᠯᠠᠭᠰᠠᠨ 》 ᠬᠡᠮᠡᠨ ᠮᠣᠩᠭᠣᠯ ᠤᠯᠤᠰ ᠤᠨ ᠬᠠᠤᠯᠢ ᠳᠤ ᠪᠠᠢᠬᠤ ᠦᠭᠡᠢ ᠵᠦᠢᠯ ᠢᠶᠡᠷ ᠶᠠᠯ᠎ᠠ ᠥᠭᠭᠥᠭᠰᠡᠨ ᠪᠣᠯ᠂ ᠳᠠᠪᠠᠬᠤ ᠱᠠᠲᠤᠨ ᠳᠤ 《 ᠬᠢᠲᠠᠳ ᠤᠯᠤᠰ ᠬᠢᠯᠢ ᠬᠠᠭᠠᠭᠰᠠᠨ 》 ᠨᠢ ᠮᠥᠨ ᠯᠠ ᠮᠥᠩᠬᠡᠪᠠᠶᠠᠷ ᠲᠠᠢ ᠬᠣᠯᠪᠤᠭ᠎ᠠ ᠲᠠᠢ ᠬᠡᠮᠡᠨ ᠮᠣᠩᠭᠣᠯ ᠤᠯᠤᠰ ᠤᠨ ᠬᠠᠤᠯᠢ ᠳᠤ ᠪᠠᠢᠬᠤ ᠦᠭᠡᠢ ᠵᠦᠢᠯ ᠵᠢᠭᠠᠯᠲᠠ ᠨᠡᠮᠡᠨ ( ᠦᠮᠦᠭᠡᠯᠡᠭᠴᠢ ᠶᠢᠨ ᠦᠭᠡ ᠡᠴᠡ )᠂ ᠠᠩᠬᠠᠨ ᠱᠠᠲᠤᠨ ᠤ ᠰᠢᠭᠦᠬᠦ ᠬᠤᠷᠠᠯ ᠠᠴᠠ ᠣᠨᠣᠭᠠᠭᠰᠠᠨ 10 ᠵᠢᠯ ᠦᠨ ᠶᠠᠯ᠎ᠠ ᠶᠢ ᠨᠢ ᠬᠡᠪ ᠢᠶᠡᠷ ᠦᠯᠡᠳᠡᠭᠡᠬᠦ ᠶᠢ ᠵᠠᠷᠯᠠᠭᠰᠠᠨ ᠠᠵᠠᠢ᠃

ᠰᠢᠭᠦᠬᠦ ᠬᠤᠷᠠᠯ ᠤᠨ ᠳᠠᠷᠠᠭ᠎ᠠ ᠮᠥᠩᠬᠡᠪᠠᠶᠠᠷ ᠤᠨ ᠥᠮᠦᠭᠡᠯᠡᠭᠴᠢ ᠭ᠂ ᠪᠠᠰᠠᠩ ᠪᠠᠷ᠌ 《 ᠮᠣᠩᠭᠣᠯ ᠤᠯᠤᠰ ᠲᠤ ᠲᠠᠩᠭᠠᠷᠢᠭ ᠡᠷᠭᠦᠭᠰᠡᠨ ᠨᠡᠷ᠎ᠡ ᠪᠦᠬᠦᠢ ᠰᠢᠭᠦᠭᠴᠢ᠂ ᠫᠷᠣᠺᠣᠷᠣᠷ ᠤᠳ ᠬᠢᠲᠠᠳ ᠤᠯᠤᠰ ᠤᠨ ᠨᠡᠷ᠎ᠡ ᠶᠢᠨ ᠡᠮᠦᠨ᠎ᠡ ᠡᠴᠡ ᠢᠷᠭᠡᠨ ᠢᠶᠡᠨ ᠶᠠᠯᠠᠯᠠᠵᠤ ᠪᠠᠢᠭ᠎ᠠ ᠨᠢ ᠬᠠᠷᠠᠮᠰᠠᠯᠲᠠᠢ︕ 》 ᠬᠡᠮᠡᠨ ᠠᠷᠭ᠎ᠠ ᠠᠯᠳᠠᠷᠠᠨ ᠶᠠᠷᠢᠵᠠᠢ᠃

ᠬᠠᠷᠢᠨ ᠶᠠᠭ ᠡᠨᠡ ᠦᠶ᠎ᠡ ᠪᠡᠷ ᠨᠢᠭᠡᠲᠦᠭᠰᠡᠨ ᠦᠨᠳᠦᠰᠦᠲᠡᠨ ᠦ ᠪᠠᠢᠭᠤᠯᠤᠯᠭ᠎ᠠ ᠶᠢᠨ 77 ᠳᠠᠬᠢ ᠴᠤᠭᠯᠠᠭᠠᠨ ᠶᠠᠭ ᠠᠮᠧᠷᠢᠺᠠ ᠶᠢᠨ ᠨᠢᠦᠶᠣᠷᠺ  ᠬᠣᠲᠠᠨ᠎ᠠ ᠪᠣᠯᠵᠤ ᠪᠠᠢᠭ᠎ᠠ ᠪᠦᠭᠡᠳ ᠮᠣᠩᠭᠣᠯ ᠤᠯᠤᠰ ᠤᠨ ᠶᠡᠷᠦᠩᠬᠡᠢᠯᠡᠭᠴᠢ ᠣ᠂ ᠬᠦᠷᠡᠯᠰᠦ᠋ᠬᠡ᠂ ᠭᠠᠳᠠᠭᠠᠳᠤ ᠬᠠᠷᠢᠯᠴᠠᠭᠠᠨ ᠤ ᠰᠠᠢᠳ ᠪ᠂ ᠪᠠᠲᠤᠴᠡᠴᠡᠭ ᠨᠠᠷ ᠣᠷᠣᠯᠴᠠᠵᠤ ᠪᠠᠢᠭ᠎ᠠ ᠠᠵᠠᠢ᠃ ᠪ᠂ ᠪᠠᠲᠤᠴᠡᠴᠡᠭ ᠨᠢ ᠮᠣᠩᠭᠣᠯ ᠤᠨ ᠰᠡᠳᠭᠦᠯᠴᠢ ᠳᠡᠬᠡᠨ ᠥᠭᠭᠥᠭᠰᠡᠨ ᠶᠠᠷᠢᠯᠴᠠᠭᠠᠨ  ᠳᠦ 《 ᠮᠣᠩᠭᠣᠯ ᠤᠨ ᠠᠷᠠᠳᠴᠢᠯᠠᠯ ᠣᠯᠠᠨ ᠤᠯᠤᠰ ᠤᠨ ᠠᠩᠬᠠᠷᠤᠯ ᠢ ᠲᠠᠲᠠᠵᠤ ᠪᠠᠢᠨ᠎ᠠ 》 ( https://news.mn/r/2590233/ ) ᠭᠡᠰᠡᠨ ᠪᠣᠯ᠂ ᠮᠦᠨ ᠲᠤᠰ ᠬᠤᠷᠠᠯ ᠳᠤ ᠣᠷᠣᠯᠴᠠᠭᠰᠠᠨ ᠹᠷᠠᠨᠼᠢ ᠶᠢᠨ ᠶᠡᠷᠦᠩᠬᠡᠢᠯᠡᠭᠴᠢ ᠮᠠᠺᠷᠣᠨ ᠲᠠᠢᠵᠠᠨ᠎ᠠ ᠭᠠᠷᠴᠤ ᠦᠭᠡ ᠶᠠᠷᠢᠬᠤ ᠳᠠᠭᠠᠨ ᠣᠷᠣᠰ ᠤᠯᠤᠰ ᠤ ᠦᠺᠷᠠᠢᠨ ᠤᠯᠤᠰ ᠤᠷᠤᠭᠤ ᠳᠣᠪᠲᠤᠯᠵᠤ ᠪᠠᠢᠭ᠎ᠠ ᠠᠰᠠᠭᠤᠳᠠᠯ ᠳᠤ ᠲᠥᠪ ᠢ ᠰᠠᠬᠢᠭᠰᠠᠨ ᠪᠠᠢᠷᠢ ᠰᠠᠭᠤᠷᠢ ᠲᠠᠢ ᠪᠠᠢᠭ᠎ᠠ ᠤᠯᠤᠰ ᠣᠷᠣᠨ ᠨᠤᠭᠤᠳ  ᠢ ᠪᠤᠷᠤᠭᠤᠰᠢᠶᠠᠭᠰᠠᠨ ᠪᠦᠭᠡᠳ 《 ᠲᠡᠳᠡ ᠲᠡᠦᠬᠡᠨ ᠠᠯᠳᠠᠭ᠎ᠠ ᠭᠠᠷᠭᠠᠵᠤ ᠪᠠᠢᠨ᠎ᠠ 》 ( https://news.mn/r/2590414/? ) ᠭᠡᠵᠡᠢ᠃

ᠶᠠᠮᠠᠷ ᠴᠤ ᠭᠡᠮ ᠪᠤᠷᠤᠭᠤ ᠦᠭᠡᠢ ᠢᠷᠭᠡᠳ ᠢᠶᠡᠨ ᠬᠡᠯᠮᠡᠭᠳᠡᠭᠦᠯᠦᠨ᠂ ᠲᠡᠳᠡᠨ ᠤ ᠦᠭᠡ ᠬᠡᠯᠡᠬᠦ ᠡᠷᠬᠡ ᠶᠢ ᠨᠢ ᠪᠣᠭᠣᠵᠣ ᠬᠠᠭᠠᠳᠠᠭ ᠨᠢ ᠠᠷᠠᠳᠴᠢᠯᠠᠭᠰᠠᠨ ᠤᠯᠤᠰ ᠤᠨ ᠣᠨᠴᠠᠯᠢᠭ ᠪᠢᠰᠢ ᠪᠦᠭᠡᠳ ᠪᠦᠷ ᠴᠤ ᠪᠤᠰᠤᠳ ᠤᠯᠤᠰ ᠤᠨ ᠵᠠᠬᠢᠶᠠᠯᠠᠭ᠎ᠠ ᠪᠠᠷ ᠥᠪᠡᠷᠰᠡᠳ ᠦᠨ ᠢᠷᠭᠡᠨ ᠢᠶᠡᠨ ᠶᠠᠯᠠᠯᠠᠳᠠᠭ ᠤᠯᠤᠰ ᠢ ᠲᠤᠰᠠᠭᠠᠷ ᠲᠣᠭᠲᠠᠨᠢᠭᠰᠠᠨ ᠤᠯᠤᠰ ᠭᠡᠵᠦ ᠨᠡᠷᠡᠯᠡᠬᠦ  ᠨᠢ ᠠᠷᠠᠢ ᠴᠤ ᠣᠨᠣᠪᠴᠢ ᠮᠠᠭᠤᠲᠠᠢ ᠪᠣᠯᠪᠠ ᠦᠦ᠃

ᠳ᠋᠂ ᠪᠠᠲᠤ ᠮᠡᠳᠡᠭᠡᠯᠡᠪᠡ

info@southmongolia.org