5 ᠰᠠᠷ᠎ᠠ ᠶᠢᠨ 8 ᠳᠤ ᠶᠠᠪᠤᠭᠳᠠᠭᠰᠠᠨ ᠡᠰᠡᠷᠭᠦᠴᠡᠯ ᠦᠨ ᠦᠢᠯᠡ ᠠᠵᠢᠯᠯᠠᠭᠠᠨ ᠤ ᠳ᠋ᠦᠩᠨᠡᠯᠲᠡ
2011 ᠣᠨ ᠤ 5 ᠰᠠᠷ᠎ᠠ ᠶᠢᠨ 11 ᠡᠳᠦᠷ᠃ ᠡᠨᠡ ᠡᠳᠦᠷ ᠨᠢ ᠡᠮᠦᠨᠡᠲᠦ ᠮᠣᠩᠭᠣᠯᠴᠤᠳ ᠪᠢᠳᠡᠨ ᠳᠦ ᠠᠪᠴᠤ ᠬᠡᠯᠡᠪᠡᠯ ᠮᠠᠷᠲᠠᠭᠳᠠᠰᠢ ᠦᠭᠡᠢ ᠡᠳᠦᠷ᠂ ᠮᠠᠷᠲᠠᠵᠤ ᠪᠣᠯᠬᠤ ᠦᠭᠡᠢ ᠡᠳᠦᠷ ᠪᠣᠯᠬᠤ ᠶᠤᠮ᠃ ᠡᠨᠡ ᠡᠳᠦᠷ ᠪᠣᠯ ᠮᠠᠯᠴᠢᠨ ᠮᠡᠷᠭᠡᠨ ᠪᠡᠷ ᠬᠢᠲᠠᠳ ᠤᠨ ᠠᠭᠤᠷᠬᠠᠢ ᠶᠢᠨ ᠨᠡᠭᠦᠷᠡᠰᠦᠨ ᠦ ᠲᠣᠮᠣ ᠮᠠᠰᠢᠨ ᠤ ᠪᠡᠯᠴᠢᠭᠡᠷ ᠨᠤᠲᠤᠭ ᠤᠨ ᠡᠪᠳᠡᠨ ᠪᠤᠬᠢᠷᠲᠠᠭᠤᠯᠵᠤ ᠪᠠᠢᠭ᠎ᠠ ᠦᠢᠯᠡᠳᠦᠯ ᠢ ᠡᠰᠡᠷᠭᠦᠴᠡᠨ ᠲᠡᠮᠡᠴᠡᠵᠦ ᠵᠡᠷᠯᠢᠭ ᠢᠶᠡᠷ ᠬᠦᠨᠦᠭᠡᠭᠳᠡᠭᠰᠡᠨ ᠡᠳᠦᠷ ᠪᠣᠯᠬᠤ ᠶᠤᠮ᠃ ᠲᠣᠮᠣ ᠮᠠᠰᠢᠨ ᠢᠶᠠᠷ ᠢᠶᠠᠨ ᠳᠠᠭᠠᠷᠢᠨ ᠬᠦᠨᠦᠭᠡᠬᠦ ᠳᠡᠬᠡᠨ ᠬᠢᠲᠠᠳ ᠵᠢᠯᠣᠭᠣᠴᠢ《 ᠮᠠᠨ ᠤ ᠮᠠᠰᠢᠨ ᠪᠣᠯ ᠪᠦᠷ ᠳᠠᠭᠠᠳᠬᠠᠯ ᠲᠠᠢ᠂ ᠨᠢᠭᠡ ᠮᠠᠭᠤ ᠦᠮᠡᠬᠡᠢ ᠮᠣᠩᠭᠣᠯ ᠤᠨ ᠠᠮᠢ ᠶᠡᠬᠡᠳᠡᠬᠦ ᠳᠡᠬᠡᠨ 4 ᠡᠴᠡ ᠬᠡᠲᠦᠷᠡᠭᠡᠳ ᠬᠠᠮᠢᠭ᠎ᠠ ᠬᠦᠷᠬᠦ ᠪᠣᠢ 》 ᠭᠡᠪᠡ᠃ ᠡᠨᠡ ᠬᠦ ᠪᠠᠯᠠᠮᠠᠳ ᠦᠢᠯᠡᠳᠦᠯ ᠨᠢ ᠡᠮᠦᠨᠡᠲᠦ ᠮᠣᠩᠭᠣᠯᠴᠤᠳ ᠢ ᠣᠷᠣᠨ ᠳᠠᠶᠠᠭᠠᠷ ᠡᠰᠡᠷᠭᠦᠴᠡᠯ ᠦᠨ ᠬᠦᠳᠡᠯᠭᠡᠭᠡᠨ ᠦᠷᠨᠢᠭᠦᠯᠬᠦ ᠳᠦ ᠬᠦᠷᠭᠡᠭᠰᠡᠨ ᠪᠠᠢᠨ᠎ᠠ᠃ ᠲᠡᠭᠦᠨ ᠦ ᠳᠠᠷᠠᠭ᠎ᠠ ᠪᠠᠷ ᠮᠠᠯᠴᠢᠳ ᠡᠨᠡ ᠬᠦ ᠡᠳᠦᠷ ᠢ ᠮᠣᠩᠭᠣᠯᠴᠤᠳ ᠤᠨ ᠭᠠᠵᠠᠷ ᠨᠤᠲᠤᠭ ᠢᠶᠠᠨ ᠬᠠᠮᠠᠭᠠᠯᠠᠬᠤ ᠡᠳᠦᠷ ᠪᠣᠯᠭᠠᠵᠤ ᠳᠤᠷᠠᠰᠬᠠᠶ᠎ᠠ ᠬᠡᠮᠡᠨ ᠵᠢᠯ ᠪᠣᠯᠭᠠᠨ ᠠᠳᠠᠯᠢ ᠪᠣᠰᠤ ᠬᠡᠮᠵᠢᠶ᠎ᠡ ᠪᠡᠷ ᠳᠤᠷᠠᠰᠬᠠᠨ ᠲᠡᠮᠳᠡᠭᠯᠡᠵᠦ ᠪᠠᠢᠭᠰᠠᠨ ᠪᠢᠯᠡ᠃ ᠠᠷᠪᠠᠨ ᠵᠢᠯ ᠦᠨ ᠳᠠᠷᠠᠭᠠᠬᠢ 2021 ᠣᠨ ᠪᠣᠶᠣ ᠨᠢᠳᠤᠨᠤᠨ ᠠᠴᠠ ᠡᠮᠦᠨᠡᠲᠦ ᠮᠣᠩᠭᠣᠯ ᠤᠨ ᠶᠡᠬᠡ ᠬᠤᠷᠠᠯᠳᠠᠢ ᠠᠴᠠ ᠡᠨᠡ ᠬᠦ ᠡᠳᠦᠷ ᠢ 《 ᠣᠯᠠᠨ ᠤᠯᠤᠰ ᠤᠨ ᠡᠮᠦᠨᠡᠲᠦ ᠮᠣᠩᠭᠣᠯ ᠢ ᠳᠡᠮᠵᠢᠬᠦ 》 ᠡᠳᠦᠷ ᠪᠣᠯᠭᠠᠬᠤ ᠶᠢ ᠤᠷᠢᠶᠠᠯᠠᠵᠤ ᠶᠠᠫᠣᠨ ᠵᠡᠷᠭᠡ ᠣᠯᠠᠨ ᠣᠷᠣᠨ ᠳᠤ ᠬᠢᠲᠠᠳ ᠤᠨ ᠵᠠᠰᠠᠭ ᠤᠨ ᠡᠰᠡᠷᠭᠦ ᠡᠰᠡᠷᠭᠦᠴᠡᠯ ᠦᠨ ᠬᠦᠳᠡᠯᠭᠡᠭᠡᠨ ᠵᠣᠬᠢᠶᠠᠨ ᠪᠠᠢᠭᠤᠯᠤᠭᠰᠠᠨ ᠪᠢᠯᠡ᠃
ᠮᠡᠷᠭᠡᠨ ᠦ ᠬᠦᠨᠦᠭᠡᠭᠳᠡᠭᠰᠡᠨ ᠡᠴᠡ ᠨᠠᠰᠢ ᠠᠷᠪᠠᠨ ᠨᠢᠭᠡᠨ ᠵᠢᠯ ᠪᠣᠯᠵᠤ ᠪᠠᠢᠭ᠎ᠠ ᠦᠨᠦᠳᠦᠷ ᠦᠨ ᠡᠮᠦᠨᠡᠲᠦ ᠮᠣᠩᠭᠣᠯ ᠮᠠᠨᠢ᠂ ᠮᠣᠩᠭᠣᠯ ᠬᠡᠦᠬᠡᠳ ᠰᠤᠷᠭᠠᠭᠤᠯᠢ ᠳᠠᠭᠠᠨ ᠡᠬᠡ ᠬᠡᠯᠡ ᠪᠡᠷ ᠢᠶᠡᠨ ᠴᠤ ᠪᠣᠯᠪᠠᠰᠤᠷᠠᠯ ᠬᠦᠷᠲᠡᠬᠦ ᠡᠷᠬᠡ ᠪᠡᠨ ᠠᠯᠳᠠᠬᠤ ᠳᠤ ᠬᠦᠷᠦᠭᠰᠡᠨ ᠬᠦᠨᠳᠦ ᠪᠠᠢᠳᠠᠯ ᠲᠠᠢ ᠨᠢᠭᠤᠷᠯᠠᠬᠤ ᠪᠣᠯᠣᠭᠰᠠᠨ ᠪᠠᠢᠨ᠎ᠠ᠃ ᠬᠢᠲᠠᠳ ᠤᠨ ᠺᠣᠮᠮᠦᠨᠢᠰᠲ ᠵᠠᠰᠠᠭ ᠠᠴᠠ ᠡᠮᠦᠨᠡᠲᠦ ᠮᠣᠩᠭᠣᠯ ᠳᠤ ᠶᠠᠪᠤᠭᠤᠯᠵᠤ ᠪᠠᠢᠭ᠎ᠠ ᠨᠢ ᠮᠣᠩᠭᠣᠯ ᠦᠨᠳᠦᠰᠦᠲᠡᠨ ᠢ ᠤᠰᠠᠳᠬᠠᠬᠤ ᠭᠡᠰᠡᠨ ᠬᠣᠷᠣᠨ ᠪᠣᠳᠤᠯᠭ᠎ᠠ ᠪᠣᠯᠬᠤ ᠨᠢ ᠢᠯᠡ ᠮᠦᠷᠲᠡᠭᠡᠨ ᠡᠨᠡ ᠬᠦ ᠪᠣᠳᠤᠯᠭ᠎ᠠ ᠨᠢ ᠮᠠᠰᠢ ᠬᠡᠷᠴᠡᠭᠡᠢ ᠪᠠᠷ ᠶᠠᠪᠤᠭᠳᠠᠵᠤ ᠪᠣᠢ᠃
ᠪᠢᠳᠡ ᠬᠢᠲᠠᠳ ᠤᠨ ᠡᠨᠡ ᠬᠦ ᠪᠣᠳᠣᠯᠭ᠎ᠠ ᠶᠢ ᠳᠡᠯᠡᠬᠡᠢ ᠳ᠋ᠠᠬᠢᠨ ᠳᠤ ᠲᠠᠨᠢᠭᠤᠯᠬᠤ ᠶᠢᠨ ᠲᠥᠯᠥᠭᠡ 《 5.11 ᠡᠮᠦᠨᠡᠲᠦ ᠮᠣᠩᠭᠣᠯ ᠢ ᠳᠡᠮᠵᠢᠬᠦ ᠡᠳᠦᠷ 》 ᠢ ᠳᠤᠷᠠᠰᠬᠠᠬᠤ ᠦᠢᠯᠡ ᠠᠵᠢᠯᠯᠠᠭ᠎ᠠ ᠪᠠᠨ 5 ᠳ᠋ᠤᠭᠠᠷ ᠰᠠᠷ᠎ᠠ ᠶᠢᠨ 8 ᠦ ᠡᠳᠦᠷ ᠣᠯᠠᠨ ᠣᠷᠣᠨ ᠳᠤ ᠨᠢᠭᠡᠨ ᠵᠡᠷᠭᠡ ᠪᠠᠷ ᠶᠠᠪᠤᠭᠤᠯᠤᠭᠰᠠᠨ ᠪᠢᠯᠡ᠃ ᠶᠠᠫᠣᠨ ᠤᠯᠤᠰ ᠲᠤ ᠬᠢᠲᠠᠳ ᠤᠨ ᠡᠯᠴᠢᠨ ᠰᠠᠢᠳ ᠤᠨ ᠭᠠᠵᠠᠷ ᠪᠣᠯᠣᠨ ᠺᠣᠨᠰᠤᠯ ᠤᠨ ᠭᠠᠵᠠᠷ ᠪᠠᠢᠭ᠎ᠠ ᠪᠦᠬᠦ ᠬᠣᠲᠠᠨ ᠳᠤ ᠡᠰᠡᠷᠭᠦᠴᠡᠯ ᠦᠨ ᠬᠦᠳᠡᠯᠭᠡᠭᠡᠨ ᠵᠣᠬᠢᠶᠠᠨ ᠪᠠᠢᠭᠤᠯᠤᠭᠰᠠᠨ ᠶᠤᠮ᠃ ᠳᠠᠷᠤᠢ ᠲᠣᠣᠺᠢᠣ᠋ ᠳᠠᠬᠢ ᠬᠢᠲᠠᠳ ᠤᠨ ᠡᠯᠴᠢᠨ ᠦ ᠡᠮᠦᠨ᠎ᠡ ᠪᠣᠯᠣᠨ ᠣᠣᠰᠠᠺᠠ᠂ ᠨᠠᠭᠤᠶᠠ᠂ ᠹᠦᠺᠦᠡᠣᠺᠠ᠂ ᠨᠢᠭᠠᠲ᠋ᠠ᠂ ᠰᠠᠫᠫᠣᠷᠣᠣ ᠵᠡᠷᠭᠡ ᠬᠣᠲᠠ ᠨᠤᠭᠤᠳ ᠲᠠᠬᠢ ᠬᠢᠲᠠᠳ ᠤᠨ ᠺᠣᠨᠰᠣᠯ ᠤᠨ ᠡᠮᠦᠨ᠎ᠡ ᠴᠤ ᠡᠰᠡᠷᠭᠦᠴᠡᠯ ᠦᠨ ᠬᠦᠳᠡᠯᠭᠡᠭᠡᠨ ᠵᠣᠬᠢᠶᠠᠨ ᠪᠠᠢᠭᠤᠯᠤᠭᠳᠠᠭᠰᠠᠨ ᠢᠶᠠᠷ ᠢᠶᠠᠨ ᠣᠨᠴᠠᠯᠠᠭᠳᠠᠵᠠᠢ ᠃ 8 ᠦ ᠦᠳᠡ ᠶᠢᠨ ᠬᠣᠢᠨ᠎ᠠ᠂ ᠲᠣᠣᠺᠢᠣ᠋ ᠶᠢᠨ ᠠᠰᠠᠺᠦᠰᠠ ᠶᠢᠨ ᠥᠷᠭᠡᠨ ᠴᠢᠯᠦᠭᠡ ᠪᠡᠷ ᠡᠰᠡᠷᠭᠦᠴᠡᠯ ᠦᠨ ᠵᠢᠭᠰᠠᠭᠠᠯ ᠪᠣᠯᠵᠤ᠂ ᠲᠥᠪᠡᠳ᠂ ᠣᠢᠭᠣᠷ᠂ ᠬᠣᠩᠺᠣᠩ ᠪᠣᠯᠣᠨ ᠳᠡᠮᠵᠢᠭᠴᠢ ᠶᠠᠫᠣᠨᠴᠤᠳ ᠣᠷᠣᠯᠴᠠᠭᠰᠠᠨ ᠤᠳᠬ᠎ᠠ ᠠᠭᠠᠤᠯᠭᠠ ᠲᠠᠢ ᠵᠢᠭᠰᠠᠭᠠᠯ ᠪᠣᠯᠣᠭᠰᠠᠨ ᠪᠠᠢᠨ᠎ᠠ᠃
ᠮᠦᠨ ᠲᠤᠰ ᠤᠳᠠᠭ᠎ᠠ ᠶᠢᠨ ᠬᠦᠳᠡᠯᠭᠡᠭᠡᠨ ᠳᠦ ᠵᠣᠷᠢᠭᠣᠯᠣᠨ 《 ᠡᠮᠦᠨᠡᠲᠦ ᠮᠣᠩᠭᠣᠯ ᠢ ᠳᠡᠮᠵᠢᠬᠦ ᠤᠯᠤᠰ ᠤᠨ ᠭᠡᠰᠢᠭᠦᠳ ᠦᠨ ᠬᠣᠯᠪᠣᠭᠠᠨ 》 ᠤ ᠨᠠᠷᠢᠨ ᠪᠢᠴᠢᠭ ᠦᠨ ᠳᠠᠷᠤᠭ᠎ᠠ ᠤᠯᠤᠰ ᠤᠨ ᠬᠤᠷᠠᠯ ᠤᠨ ᠭᠡᠰᠢᠭᠦᠨ ᠮᠢᠶᠠᠽᠠᠸᠠ ᠾᠢᠷᠣᠶᠦᠺᠢ ( ᠡᠷᠬᠡ ᠴᠢᠯᠦᠭᠡ ᠠᠷᠠᠳᠴᠢᠯᠠᠯ ᠨᠠᠮ )᠂ ᠲᠤᠰ ᠬᠣᠯᠪᠤᠭᠠᠨ ᠤ ᠨᠠᠷᠢᠨ ᠪᠢᠴᠢᠭ ᠦᠨ ᠳᠡᠳ᠋ ᠳᠠᠷᠤᠭ᠎ᠠ ᠤᠯᠤᠰ ᠤᠨ ᠬᠤᠷᠠᠯ ᠤᠨ ᠭᠡᠰᠢᠭᠦᠨ ᠰᠦᠭᠢᠲ᠋ᠠ ᠮᠢᠶᠣᠣ ( ᠡᠷᠬᠡ ᠴᠢᠯᠦᠭᠡ ᠠᠷᠠᠳᠴᠢᠯᠠᠯ ᠨᠠᠮ ) ᠂ 《 ᠡᠮᠦᠨᠡᠲᠦ ᠮᠣᠩᠭᠣᠯ ᠢ ᠳᠡᠮᠵᠢᠬᠦ ᠪᠦᠬᠦ ᠤᠯᠤᠰ ᠤᠨ ᠣᠷᠣᠨ ᠨᠤᠲᠤᠭ ᠤᠨ ᠫᠠᠷᠯᠠᠮᠸᠨᠲ ᠤᠨ ᠭᠡᠰᠢᠭᠦᠳ ᠦᠨ ᠬᠤᠷᠠᠯ 》 ᠦᠨ ᠳᠠᠷᠤᠭ᠎ᠠ ᠺᠠᠰᠠᠮᠠ ᠨᠣᠪᠣᠷᠦ ᠨᠠᠷ ᠠᠴᠠ ᠳᠡᠮᠵᠢᠵᠦ ᠪᠠᠢᠭ᠎ᠠ ᠪᠠᠨ ᠢᠯᠡᠳᠬᠡᠭᠰᠡᠨ ᠪᠢᠴᠢᠭ ᠢᠷᠡᠭᠦᠯᠦᠭᠰᠡᠨ ᠪᠠᠢᠨ᠎ᠠ᠃ ᠡᠭᠦᠨ ᠡᠴᠡ ᠭᠠᠳᠠᠨ᠎ᠠ ᠳᠠᠯᠠᠢ ᠯᠠᠮᠠ ᠶᠢᠨ ᠶᠠᠫᠣᠨ ᠰᠠᠭᠤᠭ᠎ᠠ ᠪᠦᠷᠢᠨ ᠡᠷᠬᠡᠲᠦ ᠲᠥᠯᠥᠭᠡᠯᠡᠭᠴᠢ ᠠᠷᠢᠶ᠎ᠠ ᠳ᠋ᠣᠺᠲ᠋ᠣᠷ ᠠᠴᠠ ᠴᠤ ᠳᠡᠮᠵᠢᠵᠦ ᠪᠠᠢᠭ᠎ᠠ ᠪᠠᠨ ᠢᠯᠡᠳᠬᠡᠭᠰᠡᠨ ᠪᠢᠴᠢᠭ ᠢᠷᠡᠭᠦᠯᠦᠭᠰᠡᠨ ᠢ ᠳᠤᠷᠠᠳᠤᠭᠤᠰᠢᠲᠠᠢ᠃
ᠲᠤᠰ ᠤᠳᠠᠭᠠᠨ ᠤ ᠬᠦᠳᠡᠯᠭᠡᠭᠡᠨ ᠨᠢ ᠶᠠᠫᠣᠨ ᠠᠴᠠ ᠭᠠᠳᠠᠨ᠎ᠠ᠂ ᠠᠮᠸᠷᠢᠺᠠ᠂ ᠮᠣᠩᠭᠣᠯ ( 5. 11 ᠳᠦ )᠂ ᠬᠣᠯᠯᠠᠨᠳ᠋ ᠵᠡᠷᠭᠡ ᠤᠯᠤᠰ ᠲᠤ ᠴᠤ ᠶᠠᠪᠤᠭᠳᠠᠭᠰᠠᠨ ᠪᠠᠢᠨ᠎ᠠ᠃ ᠢᠯᠠᠩᠭᠤᠶ᠎ᠠ ᠬᠦᠮᠦᠨ ᠦ ᠰᠡᠳᠭᠢᠯ ᠢ ᠬᠦᠳᠡᠯᠭᠡᠬᠦ ᠨᠢᠭᠡᠨ ᠦᠵᠡᠭᠳᠡᠯ ᠪᠣᠯ ᠬᠣᠯᠯᠠᠨᠳ᠋ ᠤᠯᠤᠰ ᠲᠤ ᠠᠮᠢᠳᠤᠷᠠᠳᠠᠭ ᠡᠮᠦᠨᠡᠲᠦ ᠮᠣᠩᠭᠣᠯ ᠯᠠᠮᠠᠬᠠᠢ ᠭᠠᠭᠴᠠᠭᠠᠷ ᠢᠶᠠᠨ 《 5. 11 》 ᠢ ᠳᠤᠷᠠᠰᠬᠠᠬᠤ ᠠᠵᠢᠯᠯᠠᠭ᠎ᠠ ᠬᠢᠭᠰᠡᠨ ᠪᠠᠢᠨ᠎ᠠ᠃ ᠶᠣᠰᠤᠲᠠᠢ 《 ᠭᠠᠭᠴᠠ ᠳᠠᠢᠴᠢᠨ ᠭᠠᠭᠴᠠᠷᠳᠠᠬᠤ ᠦᠭᠡᠢ 》 ᠭᠡᠳᠡᠭ ᠰᠢᠭ ᠢᠶᠡᠷ ᠪᠣᠯᠵᠠᠢ ᠃ ᠲᠡᠢᠮᠦ ᠡ᠂ ᠡᠷᠬᠡ ᠴᠢᠯᠦᠭᠡᠨ ᠦ ᠲᠥᠯᠥᠭᠡ ᠪᠣᠯ ᠭᠠᠭᠴᠠᠭᠠᠷ ᠴᠤ ᠭᠡᠰᠡᠨ ᠶᠠᠭᠠᠬᠢᠬᠤᠪ᠃
ᠬᠠᠮᠤᠭ ᠰᠡᠭᠦᠯ ᠳᠦ ᠨᠢ᠄
ᠲᠣᠣᠺᠢᠣ᠋ ᠳᠡᠬᠢ ᠬᠢᠲᠠᠳ ᠤᠨ ᠡᠯᠴᠢᠨ ᠦ ᠡᠮᠦᠨᠡᠬᠢ ᠡᠰᠡᠷᠭᠦᠴᠡᠯ ᠪᠣᠯᠣᠨ ᠠᠰᠠᠺᠦᠰᠠ ᠳᠠᠬᠢ ᠡᠰᠡᠷᠭᠦᠴᠡᠯ ᠦᠨ ᠵᠢᠭᠰᠠᠭᠠᠯ ᠤᠨ ᠦᠢᠯᠡ ᠠᠵᠢᠯᠯᠠᠭ᠎ᠠ ᠶᠢ ᠬᠠᠷᠢᠭᠤᠴᠠᠭᠴᠢ 《 ᠡᠮᠦᠨᠡᠲᠦ ᠮᠣᠩᠭᠣᠯ ᠢ ᠳᠡᠮᠵᠢᠬᠦ ᠶᠠᠫᠣᠨᠴᠤᠳ ᠤᠨ ᠬᠤᠷᠠᠯ 》 ᠦᠨ ᠳᠠᠷᠤᠭ᠎ᠠ ᠹᠦᠷᠦᠺᠠᠸᠠ ᠹᠦᠮᠢᠸ᠋ᠼᠢ᠂ ᠨᠠᠷᠢᠨ ᠪᠢᠴᠢᠭ ᠦᠨ ᠳᠠᠷᠤᠭ᠎ᠠ ᠰᠠᠲ᠋ᠤᠤ ᠲᠠᠺᠠᠰᠢ ᠪᠣᠯᠣᠨ ᠤᠤᠰᠠᠺᠠ᠂ ᠨᠠᠭᠤᠶᠠ᠂ ᠹᠦᠺᠦᠡᠤᠺᠠ᠂ ᠨᠢᠭᠠᠲ᠋ᠠ᠂ ᠰᠠᠫᠫᠣᠷᠣᠣ ᠵᠡᠷᠭᠡ ᠬᠣᠲᠠᠨ ᠳᠠᠬᠢ ᠬᠢᠲᠠᠳ ᠤᠨ ᠺᠣᠨᠰᠣᠯ ᠤᠨ ᠡᠮᠦᠨᠡᠬᠢ ᠡᠰᠡᠷᠭᠦᠴᠡᠯ ᠦᠨ ᠦᠢᠯᠡ ᠠᠵᠢᠯᠯᠠᠭ᠎ᠠ ᠵᠣᠬᠢᠶᠠᠨ ᠪᠠᠢᠭᠤᠯᠬᠤ᠂ ᠬᠣᠯᠪᠣᠭ᠎ᠠ ᠪᠠᠷᠢᠬᠤ ᠵᠡᠷᠭᠡ ᠠᠵᠢᠯ ᠢ ᠬᠠᠷᠢᠭᠤᠴᠠᠭᠰᠠᠨ 《 ᠷᠢᠲ᠋ᠠ ᠷᠢᠲ᠋ᠠ ᠬᠤᠷᠠᠯ 》ᠦᠨ ᠵᠠᠬᠢᠷᠤᠯ ᠠᠪᠤᠤ ᠲᠣᠮᠣᠺᠣ ᠨᠠᠷ ᠲᠤ ᠴᠢᠩ ᠰᠡᠳᠭᠢᠯ ᠡᠴᠡ ᠪᠡᠨ ᠪᠠᠶᠠᠷᠯᠠᠵᠤ ᠪᠠᠢᠭ᠎ᠠ ᠪᠠᠨ ᠬᠡᠯᠡᠮᠡᠷ ᠪᠠᠢᠨ᠎ᠠ᠃ ᠮᠦᠨ ᠴᠤ ᠡᠮᠦᠨᠡᠲᠦ ᠮᠣᠩᠭᠣᠯ ᠲᠠᠢ ᠠᠳᠠᠯᠢᠬᠠᠨ ᠬᠤᠪᠢ ᠵᠠᠶᠠᠭ᠎ᠠ ᠨᠢᠭᠤᠷᠯᠠᠵᠤ ᠪᠠᠢᠭ᠎ᠠ ᠲᠥᠪᠡᠳ ᠣᠢᠭᠣᠷ ᠬᠣᠩᠺᠣᠩ ᠤᠨ ᠨᠠᠢᠵᠠ ᠨᠠᠷ ᠲᠠᠭᠠᠨ᠂ ᠪᠠᠰᠠ ᠴᠠᠭ ᠵᠠᠪ ᠢᠶᠠᠨ ᠠᠮᠵᠢᠭᠤᠯᠵᠤ ᠳᠡᠮᠵᠢᠬᠦ ᠪᠡᠷ ᠢᠷᠡᠭᠰᠡᠨ ᠶᠠᠫᠣᠨ ᠨᠠᠢᠵᠠ ᠨᠠᠷ ᠲᠠᠭᠠᠨ ᠮᠠᠰᠢ ᠪᠠᠶᠠᠷᠯᠠᠯ᠎ᠠ᠃ ᠡᠭᠦᠨ ᠡᠴᠡ ᠭᠠᠳᠠᠨ᠎ᠠ᠂ ᠲᠤᠰ ᠤᠳᠠᠭᠠᠨ ᠤ ᠬᠦᠳᠡᠯᠭᠡᠭᠡᠨ ᠳᠦ ᠢᠷᠡᠵᠦ ᠠᠮᠵᠢᠭ᠎ᠠ ᠦᠭᠡᠢ ᠴᠤ ᠳᠠᠯᠳᠠ ᠠᠴᠠ ᠪᠡᠶ᠎ᠡ ᠰᠡᠳᠭᠢᠯ ᠢᠶᠡᠨ ᠵᠦᠳᠡᠭᠡᠨ ᠳᠡᠮᠵᠢᠨ ᠲᠤᠰᠠᠯᠠᠵᠤ ᠪᠠᠢᠳᠠᠭ ᠪᠦᠬᠦ ᠬᠦᠮᠦᠰ ᠲᠡᠬᠡᠨ ᠴᠢᠩ ᠰᠡᠳᠭᠢᠯ ᠡᠴᠡ ᠪᠡᠨ ᠪᠠᠶᠠᠷᠯᠠᠭᠰᠠᠨ ᠢᠶᠠᠨ ᠬᠡᠯᠡᠮᠡᠷ ᠪᠠᠢᠨ᠎ᠠ᠃
ᠡᠮᠦᠨᠡᠲᠦ ᠮᠣᠩᠭᠣᠯ ᠤᠨ ᠡᠷᠬᠡ ᠴᠢᠯᠦᠭᠡᠨ ᠦ ᠬᠦᠳᠡᠯᠭᠡᠭᠡᠨ ᠮᠠᠨᠳᠤᠨ ᠪᠠᠳᠠᠷᠠᠭ᠃
ᠮᠥᠩᠬᠡ ᠲᠡᠭᠷᠢ ᠢᠪᠡᠭᠡᠬᠦ ᠪᠣᠯᠲᠤᠭᠠᠢ᠃
2022 ᠣᠨ ᠤ 5 ᠳ᠋ᠤᠭᠠᠷ ᠰᠠᠷ᠎ᠠ ᠤᠨ 12 ᠤ ᠡᠳᠦᠷ
5. 11 ᠢ ᠳᠤᠷᠠᠰᠬᠠᠬᠤ ᠦᠢᠯᠡ ᠠᠵᠢᠯᠯᠠᠭ᠎ᠠ ᠶᠢ ᠵᠣᠬᠢᠶᠠᠨ ᠪᠠᠢᠭᠤᠯᠬᠤ ᠺᠣᠮᠢᠰ