ᠡᠮᠦᠨᠡᠳᠦ ᠮᠣᠩᠭᠣᠯ ᠦ᠋ᠨ ᠶᠡᠬᠡ ᠬᠤᠷᠠᠯᠲᠠᠢ

ᠡᠮᠦᠨᠡᠲᠦ ᠮᠣᠩᠭᠤᠯᠴᠤᠳ ᠲᠤ᠌ ᠤᠷᠢᠶᠠᠯᠠᠬᠤ ᠪᠢᠴᠢᠭ

2019 ᠣᠨ ᠤ᠋ 12 ᠰᠠᠷ᠎ᠠ ᠠ᠋ᠴᠠ ᠲᠠᠷᠬᠠᠭᠠᠭᠰᠠᠨ 《 ᠺᠣᠮᠮᠤᠨᠢᠰᠲ ᠸᠢᠷᠦ᠋ᠰ ( ᠦᠬᠠᠨ ᠸᠢᠷᠦ᠋ᠰ ) 》 ᠨᠢ ᠬᠢᠲᠠᠳ ᠤᠯᠤᠰ ᠲᠤ᠌ ᠠᠮᠢᠳᠤᠷᠠᠵᠤ ᠪᠠᠢᠭ᠎ᠠ ᠬᠥᠮᠦᠨ ᠠᠷᠠᠳ ᠲᠤ᠌ ᠮᠠᠰᠢ ᠬᠦᠨᠳᠦ ᠬᠡᠴᠡᠭᠦᠦ ᠦᠷᠡᠭᠳᠡᠯ ᠰᠦᠢᠳᠦᠯ ᠤᠴᠠᠷᠠᠭᠤᠯᠤᠭᠰᠠᠨ ᠢ᠋ᠶ᠋ᠠᠷ ᠪᠠᠷᠠᠬᠤ ᠦᠭᠡᠢ ᠳᠡᠯᠡᠬᠡᠢ ᠶ᠋ᠢᠨ ᠬᠡᠪᠴᠢᠶᠡᠨ ᠦ᠌ ᠬᠥᠮᠦᠨ ᠠᠷᠠᠳ ᠲᠤ᠌ ᠲᠡᠦᠬᠡᠨ ᠳ᠋ᠦ᠍ ᠭᠠᠷᠤᠭ᠎ᠠ ᠦᠭᠡᠢ ᠬᠣᠣᠷ ᠬᠥᠨᠦᠭᠡᠯ ᠢ᠋ ᠤᠴᠠᠷᠠᠭᠤᠯᠤᠭᠰᠠᠨ ᠪᠠᠢᠨ᠎ᠠ ᠃ ᠡᠨᠡᠬᠦ ᠸᠢᠷᠦ᠋ᠰ ᠨᠢ ᠳᠡᠯᠡᠬᠡᠢ ᠶ᠋ᠢᠨ ᠤᠯᠤᠰ ᠣᠷᠤᠨ ᠤ᠋ ᠤᠯᠤᠰ ᠲᠥᠷᠦ ᠠᠵᠤ ᠠᠬᠤᠢ ᠮᠥᠩᠭᠦᠨ ᠭᠦᠢᠯᠭᠡᠭᠡᠨ ᠳ᠋ᠦ᠍ ᠯᠤᠲᠤ ᠶᠡᠬᠡ ᠬᠣᠬᠢᠷᠠᠯ ᠢ᠋ ᠠᠪᠴᠢᠷᠠᠭᠰᠠᠨ ᠢ᠋ᠶ᠋ᠠᠷ ᠥᠯᠦ ᠪᠠᠷᠠᠨ ᠳᠡᠯᠡᠬᠡᠢ ᠶ᠋ᠢᠨ ᠠᠷᠠᠳ ᠲᠦᠮᠡᠨ ᠦ᠌ ᠠᠮᠢᠳᠤᠷᠠᠯ ᠤ᠋ᠨ ᠬᠡᠯᠪᠡᠷᠢ ᠮᠠᠶᠢᠭ ᠢ᠋ ᠴᠤ᠌ ᠨᠥᠯᠦᠭᠡᠯᠡᠬᠦ ᠪᠣᠯᠤᠭᠰᠠᠨ ᠪᠠᠢᠨ᠎ᠠ᠃ ᠤᠳᠠᠯ ᠥᠬᠡᠢ ᠳᠡᠯᠡᠬᠡᠢ ᠶ᠋ᠢᠨ ᠰᠢᠳᠤᠷᠭᠤ ᠶᠣᠰᠤᠨ ᠤ᠋ ᠤᠯᠤᠰ ᠲᠥᠷᠦᠴᠢᠳ ᠭᠠᠷ ᠭᠠᠷ ᠢ᠋ᠶ᠋ᠠᠨ ᠬᠣᠯᠪᠤᠯᠴᠠᠨ ᠬᠢᠲᠠᠳ ᠤ᠋ᠨ ᠵᠠᠰᠠᠭ ᠪᠣᠯᠤᠨ ᠺᠣᠮᠮᠤᠨᠢᠰᠲ ᠨᠠᠮ ᠠ᠋ᠴᠠ ᠲᠤᠰ ᠤᠢᠯᠠ ᠬᠡᠷᠡᠭ ᠦ᠋ᠨ ᠬᠠᠷᠢᠭᠤᠴᠠᠯᠭ᠎ᠠ ᠶ᠋ᠢ ᠨᠡᠬᠡᠮᠵᠢᠯᠡᠨ ᠶᠠᠯ᠎ᠠ ᠬᠦᠯᠢᠶᠡᠯᠭᠡᠵᠦ᠂ ᠺᠣᠮᠮᠤᠨᠢᠰᠲ ᠨᠠᠮ ᠤ᠋ᠨ ᠰᠢᠰᠲ᠋ᠧᠮ ᠢ᠋ ᠪᠥᠮᠪᠦᠷᠴᠡᠭ ᠡᠴᠡ ᠬᠤᠰᠤᠬᠤ ᠪᠣᠯᠤᠨ᠎ᠠ᠃ ᠡᠨᠡ ᠨᠢ ᠪᠢᠳᠡᠨ ᠦ᠌ ᠡᠮᠦᠨᠡᠳᠦ ᠮᠣᠩᠭᠤᠯᠴᠤᠳ ᠤ᠋ᠨ ᠬᠤᠪᠢ ᠵᠠᠶᠠᠭ᠎ᠠ᠂ ᠠᠮᠢᠳᠤᠷᠠᠯ ᠣᠷᠴᠢᠨ ᠢ᠋ ᠨᠥᠯᠦᠭᠡᠯᠡᠵᠦ᠂ ᠪᠢᠳᠡᠨ ᠦ᠌ ᠲᠡᠦᠬᠡ ᠰᠢᠨ᠎ᠡ ᠨᠢᠭᠡᠨ ᠱᠠᠲᠤᠨ᠎ᠠ ᠰᠢᠯᠵᠢᠬᠦ ᠶᠠᠪᠤᠳᠠᠯ ᠪᠣᠯᠤᠭᠰᠠᠨ ᠪᠢᠯᠡ᠃

ᠡᠮᠦᠨᠡᠳᠦ ᠮᠣᠩᠭᠤᠯᠴᠤᠳ ᠡᠯᠳᠡᠪ ᠵᠦᠢᠯ ᠦ᠋ᠨ ᠲᠡᠦᠬᠡᠨ ᠰᠢᠯᠲᠠᠭᠠᠨ ᠠ᠋ᠴᠠ ᠬᠣᠷᠢᠳᠤᠭᠠᠷ ᠵᠠᠭᠤᠨ ᠤ᠋ ᠳᠤᠮᠳᠠᠴᠢ ᠠ᠋ᠴᠠ ᠡᠬᠢᠯᠡᠨ ᠬᠢᠲᠠᠳ ᠤᠯᠤᠰ ᠤ᠋ᠨ ᠮᠤᠵᠢ ᠶ᠋ᠢᠨ ᠲᠡᠰ ᠦ᠋ᠨ ᠵᠠᠰᠠᠭ ᠵᠠᠬᠢᠷᠭᠠᠨ ᠤ᠋ ᠬᠡᠯᠪᠡᠷᠢ ᠪᠡᠷ ᠨᠣᠶᠠᠷᠬᠠᠭᠳᠠᠵᠤ ᠤᠯᠠᠭᠠᠨ ᠨᠠᠮᠳᠠᠳ ᠤ᠋ᠨ ᠬᠠᠷᠭᠢᠰ ᠬᠡᠷᠴᠡᠭᠡᠢ ᠳᠠᠷᠤᠯᠠᠯ ᠳᠣᠷᠤᠮᠵᠢᠯᠠᠯ ᠳ᠋ᠤ᠌ ᠣᠷᠤᠭᠰᠠᠨ ᠪᠠᠢᠨ᠎ᠠ᠃ ᠮᠣᠩᠭᠤᠯᠴᠤᠳ ᠤ᠋ᠨ ᠨᠤᠲᠤᠭ ᠪᠡᠯᠴᠢᠭᠡᠷ ᠮᠠᠯ ᠰᠦᠷᠦᠭ ᠡᠳ᠋ ᠬᠣᠭᠰᠢᠯ ᠲᠠᠷᠢᠶ᠎ᠠ ᠲᠥᠮᠦᠰᠦ ᠪᠣᠭᠤᠯᠲᠠ ᠪᠠᠷ ᠢ᠋ᠶ᠋ᠠᠨ 《 ᠨᠡᠢᠭᠡᠮ ᠵᠢᠷᠤᠮᠲᠤ ᠨᠡᠢᠭᠡᠮ ᠦ᠋ᠨ ᠨᠡᠢᠲᠡ ᠶ᠋ᠢᠨ ᠥᠮᠴᠢᠯᠡᠯ 》 ᠦ᠋ᠨ ᠨᠡᠷᠡᠢᠳᠦᠯ ᠢ᠋ᠶ᠋ᠡᠷ ᠬᠢᠲᠠᠳ ᠤ᠋ᠨ ᠵᠠᠰᠠᠭ ᠲᠤ᠌ ᠡᠵᠡᠮᠳᠡᠭᠳᠡᠨ ᠪᠤᠯᠢᠶᠠᠭᠳᠠᠵᠤ᠂ ᠬᠥᠮᠦᠨ ᠪᠠᠢᠭᠠᠯᠢ ᠶ᠋ᠢ ᠤᠷᠢᠳ ᠡᠮᠦᠨ᠎ᠡ ᠭᠠᠷᠤᠭ᠎ᠠ ᠦᠭᠡᠢ ᠲᠠᠷᠴᠢᠯᠠᠭᠠᠯ ᠲᠠᠯᠬᠢᠭᠳᠠᠯ ᠳ᠋ᠤ᠌ ᠤᠴᠠᠷᠠᠭᠤᠯᠵᠤ᠂ ᠡᠮᠦᠨᠡᠳᠦ ᠮᠣᠩᠭᠤᠯ ᠤ᠋ᠨ ᠪᠤᠢ ᠪᠦᠬᠦᠢ ᠡᠬᠢ ᠪᠠᠶᠠᠯᠢᠭ ᠢ᠋ ᠳᠡᠭᠡᠷᠡᠮᠳᠡᠨ ᠪᠤᠯᠢᠶᠠᠵᠤ᠂ ᠦᠨᠳᠦᠰᠦᠲᠡᠨ ᠦ᠌ ᠠᠵᠤ ᠠᠬᠤᠢ ᠶ᠋ᠢᠨ ᠰᠠᠭᠤᠷᠢ ᠶ᠋ᠢ ᠪᠣᠰᠠᠨᠢᠭᠤᠯᠤᠭᠰᠠᠨ ᠪᠠᠢᠨ᠎ᠠ᠃ ᠲᠡᠷᠡ ᠴᠠᠭ ᠦᠶ᠎ᠡ ᠡᠴᠡ ᠬᠢᠲᠠᠳ ᠤ᠋ᠨ ᠵᠠᠰᠠᠭ ᠨᠢ ᠮᠣᠩᠭᠤᠯᠴᠤᠳ ᠲᠤ᠌ 《 ᠨᠡᠢᠭᠡᠮ ᠵᠢᠷᠤᠮ – ᠡᠪ ᠬᠠᠮᠲᠤ ᠶᠣᠰᠤᠨ ᠤ᠋ ᠰᠤᠷᠭᠠᠯ ᠬᠥᠮᠦᠵᠢᠯ 》 ᠢ᠋ ᠠᠯᠪᠠ ᠪᠠᠷ ᠲᠣᠬᠤᠨ ᠬᠡᠷᠡᠭᠵᠢᠭᠦᠯᠵᠦ᠂ ᠮᠣᠩᠭᠤᠯᠴᠤᠳ ᠤ᠋ᠨ ᠣᠶᠤᠨ ᠤᠬᠠᠭᠠᠨ ᠢ᠋ ᠡᠵᠡᠮᠳᠡᠨ ᠪᠣᠬᠢᠷᠲᠤᠭᠤᠯᠵᠤ᠂ ᠬᠡᠳᠦ ᠤᠳᠠᠭᠠᠨ ᠤ᠋ ᠶᠡᠬᠡ ᠬᠡᠪᠴᠢᠶ᠎ᠡ ᠪᠡᠷ ᠰᠦᠮ᠎ᠡ ᠭᠡᠢᠳ ᠢ᠋ ᠡᠪᠳᠡᠨ ᠰᠢᠲᠠᠭᠠᠵᠤ ᠯᠠᠮᠠ ᠨᠠᠷ ᠢ᠋ ᠬᠢᠯᠢᠰᠳᠡᠭᠦᠯᠦᠨ ᠠᠯᠠᠬᠤ ᠬᠥᠳᠡᠯᠭᠡᠭᠡᠨ ᠢ᠋ᠶ᠋ᠡᠷ ᠳᠠᠮᠵᠢᠨ ᠮᠠᠷᠺᠰ ᠤ᠋ᠨ ᠦᠵᠡᠯ ᠪᠤᠶᠤ ᠱᠠᠰᠢᠨ ᠦᠭᠡᠢ ᠦᠵᠡᠯ ᠢ᠋ᠶ᠋ᠡᠷ ᠮᠣᠩᠭᠤᠯᠴᠤᠳ ᠤ᠋ᠨ ᠳᠣᠲᠤᠭᠠᠳᠤ ᠣᠶᠤᠨ ᠢ᠋ ᠬᠣᠭᠣᠰᠤᠷᠠᠭᠤᠯᠵᠠᠢ᠃ ᠳᠠᠭᠠᠤ ᠳ᠋ᠤᠨᠢ ᠦᠨᠳᠦᠰᠦᠲᠡᠨ ᠦ᠌ ᠪᠠᠭᠠᠲᠤᠷ ᠬᠥᠮᠦᠰ᠂ ᠰᠡᠬᠡᠭᠡᠲᠡᠨ ᠬᠥᠮᠦᠰ ᠢ᠋ ᠤᠳᠠᠭ᠎ᠠ ᠲᠠᠷᠠᠭᠠᠯᠠᠨ ᠬᠣᠣᠷᠯᠠᠨ ᠥᠭᠡᠷᠡᠴᠢᠯᠡᠵᠦ᠂ ᠮᠣᠩᠭᠤᠯᠴᠤᠳ ᠤ᠋ᠨ ᠵᠣᠷᠢᠭ ᠰᠠᠨᠠᠭ᠎ᠠ᠂ ᠨᠣᠶᠠᠨ ᠨᠢᠷᠤᠭᠤ ᠶ᠋ᠢ ᠪᠥᠬᠦᠢᠯᠭᠡᠭᠰᠡᠨ ᠪᠠᠢᠨ᠎ᠠ᠃ ᠥᠨᠦᠳᠦᠷ ᠪᠣᠯᠬᠤ ᠳ᠋ᠤ᠌ ᠡᠮᠦᠨᠡᠳᠦ ᠮᠣᠩᠭᠤᠯᠴᠤᠳ ᠥᠷᠢ ᠰᠢᠷᠢ ᠳ᠋ᠡᠭᠡᠨ ᠳᠠᠷᠤᠭᠳᠠᠨ ᠲᠠᠷᠢᠬᠢ ᠲᠣᠯᠤᠭᠠᠢ ᠬᠣᠭᠤᠰᠤᠷᠠᠨ ᠬᠥᠨᠳᠡᠢᠷᠡᠵᠦ᠂ ᠠᠯᠪᠠᠨ ᠠᠵᠢᠯᠲᠠᠳ ᠬᠢᠲᠠᠳ ᠨᠣᠶᠠᠳ ᠤ᠋ᠨ ᠬᠡᠷᠴᠡᠭᠡᠢ ᠳᠠᠷᠤᠯᠠᠯ ᠳ᠋ᠤ᠌ ᠥᠷᠲᠦᠵᠦ᠂ ᠣᠶᠤᠲᠠᠨ ᠰᠡᠬᠡᠭᠡᠲᠡᠳ ᠲᠠᠷᠢᠬᠢ ᠪᠠᠨ ᠣᠬᠢᠶᠠᠭᠳᠠᠭᠳᠠᠭᠰᠠᠨ ᠪᠠᠢᠨ᠎ᠠ᠃ ᠨᠥᠭᠦᠭᠡ ᠲᠠᠯ᠎ᠠ ᠪᠠᠷ ᠬᠢᠲᠠᠳ ᠵᠠᠰᠠᠭ ᠠ᠋ᠴᠠ ᠬᠥᠮᠦᠨᠯᠢᠭ ᠪᠤᠰᠤ ᠮᠥᠷᠲᠡᠭᠡᠨ ᠬᠠᠷᠠᠩᠭᠤᠢ ᠬᠠᠤᠯᠢ ᠲᠣᠭᠲᠠᠭᠠᠵᠤ᠂ ᠲᠡᠭᠦᠨ ᠢ᠋ᠶ᠋ᠡᠨ ᠳᠠᠭᠠᠯᠳᠤᠭᠤᠯᠤᠨ ᠡᠯᠳᠡᠪ ᠵᠦᠢᠯ ᠦ᠋ᠨ 《 ᠲᠦᠷᠢᠮ ᠲᠣᠭᠲᠠᠭᠠᠯ 》 ᠵᠣᠬᠢᠶᠠᠨ ᠡᠮᠦᠨᠡᠳᠦ ᠮᠣᠩᠭᠤᠯᠴᠤᠳ ᠤ᠋ᠨ ᠦᠭᠡ ᠬᠡᠯᠡ ᠦᠰᠦᠭ ᠪᠢᠴᠢᠭ ᠡᠴᠨ ᠵᠠᠩ ᠳᠠᠳᠭᠠᠯ ᠰᠣᠶᠤᠯ ᠲᠡᠦᠬᠡ ᠶ᠋ᠢ ᠪᠠᠯᠠᠷᠳᠠᠭᠤᠯᠤᠨ ᠬᠤᠪᠢᠷᠠᠭᠠᠵᠤ᠂ ᠮᠠᠯ ᠰᠦᠷᠦᠭ ᠢ᠋ ᠬᠠᠰᠢᠶᠠᠯᠠᠭᠤᠯᠤᠨ ᠲᠠᠷᠢᠶ᠎ᠠ ᠲᠥᠮᠦᠰᠦ ᠶ᠋ᠢ ᠳᠤᠷ᠎ᠠ ᠲᠠᠪᠠ ᠪᠠᠷ ᠪᠤᠯᠢᠶᠠᠨ ᠳᠡᠭᠡᠷᠡᠮᠳᠡᠭᠰᠡᠭᠡᠷ ᠪᠠᠢᠨ᠎ᠠ᠃

ᠪᠢᠳᠡᠨ ᠦ᠌ ᠡᠬᠡ ᠣᠷᠤᠨ᠂ ᠪᠢᠳᠡᠨ ᠦ᠌ ᠨᠤᠲᠤᠭ ᠤᠰᠤ᠂ ᠪᠢᠳᠡᠨ ᠦ᠌ ᠬᠡᠳᠦᠨ ᠦᠶ᠎ᠡ ᠶ᠋ᠢᠨ ᠠᠬᠠᠮᠠᠳ ᠮᠠᠨᠢ ᠬᠢᠲᠠᠳ ᠵᠠᠰᠠᠭ ᠪᠣᠯᠤᠨ ᠺᠣᠮᠮᠤᠨᠢᠰᠲ ᠨᠠᠮᠲᠠᠨ ᠤ᠋ ᠡᠯᠳᠡᠪ ᠲᠠᠯᠬᠢᠭᠳᠠᠯ ᠳ᠋ᠤ᠌ ᠤᠴᠠᠷᠠᠵᠤ ᠬᠠᠷᠠᠩᠭᠤᠢ ᠨᠣᠶᠠᠷᠬᠠᠯ ᠳ᠋ᠤ᠌ ᠥᠷᠲᠦᠵᠦ ᠪᠠᠢᠭ᠎ᠠ ᠣᠨ ᠵᠢᠯ ᡂᠨ ᠲᠦ᠍ ᠳᠡᠯᠡᠬᠡᠢ ᠶ᠋ᠢᠨ ᠲᠣᠮᠤᠬᠠᠨ ᠤᠯᠤᠰ ᠣᠷᠤᠨ ᠤ᠋ ᠰᠢᠳᠤᠷᠭᠤ ᠶᠣᠰᠤ ᠪᠢᠳᠡᠨ ᠢ᠋ ᠴᠢᠯᠦᠭᠡᠯᠡᠨ ᠠᠪᠤᠷᠠᠭᠰᠠᠨ ᠦᠭᠡᠢ᠂ ᠪᠢᠳᠡᠨ ᠦ᠌ ᠳᠠᠷᠠᠭ᠎ᠠ ᠤᠢᠭᠤᠷ ᠲᠥᠪᠡᠳᠴᠦᠳ ᠴᠦ᠍ ᠪᠢᠳᠡᠨ ᠲᠡᠢ ᠮᠠᠰᠢ ᠠᠳᠠᠯᠢᠬᠠᠨ ᠢ᠋ᠶ᠋ᠠᠷ ᠬᠢᠲᠠᠳ ᠵᠠᠰᠠᠭ ᠤ᠋ᠨ ᠬᠠᠷᠨᠩᠭᠤᠢ ᠨᠣᠶᠠᠷᠬᠠᠯ ᠳ᠋ᠤ᠌ ᠥᠷᠲᠦᠭᠰᠡᠨ ᠲᠣᠬᠢᠶᠠᠯᠳᠤᠯ ᠳ᠋ᠤ᠌ ᠲᠡᠳᠡ ᠮᠥᠨ ᠯᠡ ᠴᠢᠯᠦᠭᠡᠯᠡᠨ ᠠᠪᠤᠷᠠᠭᠰᠠᠨ ᠦᠭᠡᠢ ᠨᠢ ᠬᠠᠷᠠᠮᠰᠠᠯᠲᠠᠢ ᠤᠢᠯᠠ ᠬᠡᠷᠡᠭ ᠶᠦ᠍ᠮᠠ᠃ ᠥᠨᠦᠳᠦᠷ ᠰᠢᠶᠠᠩᠭᠠᠩ ᠣᠷᠤᠨ ᠤ᠋ ᠠᠷᠠᠳ ᠢᠷᠭᠡᠳ ᠮᠥᠨ ᠯᠡ ᠪᠢᠳᠡᠨ ᠲᠡᠢ ᠶᠡᠬᠡ ᠲᠥᠯᠦᠪ ᠠᠳᠠᠯᠢᠬᠠᠨ ᠢ᠋ᠶ᠋ᠠᠷ ᠵᠣᠯ ᠪᠤᠰᠤ ᠬᠣᠪᠢ ᠵᠠᠶᠠᠭᠠᠨ ᠳ᠋ᠤ᠌ ᠥᠷᠲᠦᠬᠦ ᠪᠣᠯᠤᠭᠰᠠᠨ ᠳ᠋ᠤ᠌ ᠠᠮᠸᠷᠢᠺᠠ ᠪᠠᠷ ᠲᠥᠯᠦᠭᠡᠯᠡᠭᠦᠯᠦᠭᠰᠡᠨ ᠤᠯᠤᠰ ᠣᠷᠤᠨ ᠤ᠋ ᠰᠢᠳᠤᠷᠭᠤ ᠶᠣᠰᠤ ᠶ᠋ᠢ ᠪᠠᠷᠢᠮᠲᠠᠯᠠᠳᠠᠭ ᠬᠥᠮᠦᠰ ᠰᠢᠶᠠᠩᠭᠠᠩ ᠤ᠋ᠨ ᠠᠷᠠᠳ ᠢᠷᠭᠡᠳ ᠦ᠋ᠨ ᠲᠡᠮᠡᠴᠡᠯ ᠢ᠋ ᠳᠡᠮᠵᠢᠵᠦ ᠡᠬᠢᠯᠡᠭᠰᠡᠨ ᠪᠠᠢᠨ᠎ᠠ᠂ ᠳᠠᠭᠠᠤ ᠳ᠋ᠤᠨᠢ ᠤᠢᠭᠤᠷ ᠲᠥᠪᠡᠳ ᠦ᠋ᠨ ᠠᠰᠠᠭᠤᠳᠠᠯ ᠴᠤ᠌ ᠳᠤᠷᠠᠳᠤᠭᠳᠠᠨ ᠢᠯᠡᠷᠡᠭᠰᠡᠨ ᠪᠢᠯᠡ᠃ ᠥᠨᠦᠳᠦᠷ ᠬᠢᠲᠠᠳ ᠤ᠋ᠨ ᠤᠯᠤᠰ ᠲᠥᠷᠦᠴᠢᠳ ᠵᠢᠴᠢ ᠺᠣᠮᠮᠤᠨᠢᠰᠲ ᠨᠠᠮᠳᠠ ᠠ᠋ᠴᠠ ᠬᠥᠭᠵᠢᠭᠰᠡᠨ ᠤᠯᠤᠰ ᠣᠷᠤᠨ ᠤ᠋ ᠠᠮᠤᠷ ᠲᠦᠪᠰᠢᠨ ᠳ᠋ᠦ᠍ ᠬᠠᠯᠳᠠᠯᠭ᠎ᠠ ᠬᠢᠵᠦ᠂ ᠲᠡᠳᠡᠨ ᠦ᠌ ᠤᠯᠤᠰ ᠳᠦᠷᠦ ᠳ᠋ᠦ᠍ ᠨᠡᠪᠴᠢᠵᠦ ᠠᠵᠤ ᠠᠬᠤᠢ ᠶ᠋ᠢᠨ ᠮᠡᠷᠭᠡᠵᠢᠯ ᠢ᠋ ᠨᠢ ᠬᠤᠯᠠᠭᠠᠢᠯᠠᠵᠤ᠂ ᠰᠣᠶᠤᠯ ᠰᠤᠷᠭᠠᠨ ᠬᠥᠮᠦᠵᠢᠯ ᠪᠣᠯᠣᠨ ᠥᠷᠲᠡᠭ ᠦ᠋ᠨ ᠦᠵᠡᠯᠲᠡ ᠶ᠋ᠢ ᠨᠢ ᠪᠣᠬᠢᠷᠲᠤᠭᠤᠯᠬᠤ ᠤᠢᠯᠠ ᠠᠵᠢᠯᠯᠠᠭ᠎ᠠ ᠶᠠᠪᠤᠭᠤᠯᠤᠭᠰᠠᠨ ᠢ᠋ᠶ᠋ᠠᠷ ᠪᠠᠷᠠᠬᠤ ᠦᠭᠡᠢ ᠲᠡᠳᠡᠨ ᠦ᠌ ᠠᠷᠠᠳ ᠢᠷᠭᠡᠳ ᠲᠦ᠍ ᠸᠢᠷᠦ᠋ᠰ ᠬᠠᠯᠳᠠᠪᠤᠷᠢᠯᠠᠵᠤ ᠳᠡᠯᠡᠬᠡᠢ ᠳ᠋ᠠᠬᠢᠨ ᠢ᠋ ᠡᠵᠡᠮᠳᠡᠬᠦ ᠵᠡᠷᠯᠢᠭ ᠰᠠᠨᠠᠭ᠎ᠠ ᠪᠠᠨ ᠨᠢᠭᠤᠯᠲᠠ ᠦᠭᠡᠢ ᠢᠯᠡᠷᠡᠭᠦᠯᠦᠨ ᠤᠲᠤᠭ᠎ᠠ ᠦᠭᠡᠢ ᠲᠠᠢᠨ ᠵᠠᠷᠯᠠᠭᠰᠠᠨ ᠪᠠᠢᠨ᠎ᠠ᠃ ᠡᠨᠡᠬᠦ ᠬᠠᠷ᠎ᠠ ᠬᠣᠣᠷ᠎ᠠ ᠲᠠᠢ ᠶᠠᠯᠠᠲᠤ ᠤᠢᠯᠠ ᠠᠵᠢᠯᠯᠠᠭ᠎ᠠ ᠨᠢ ᠳᠡᠯᠡᠬᠡᠢ ᠶ᠋ᠢᠨ ᠤᠯᠤᠰ ᠣᠷᠤᠨ ᠤ᠋ ᠰᠢᠷᠦᠭᠦᠨ ᠡᠰᠡᠷᠭᠦᠴᠡᠯ ᠳ᠋ᠦ᠍ ᠤᠴᠠᠷᠠᠬᠤ ᠨᠢ ᠵᠠᠢᠯᠠᠰᠢ ᠦᠭᠡᠢ ᠶᠠᠪᠤᠳᠠᠯ ᠪᠣᠯᠬᠤ ᠪᠥᠭᠡᠳ ᠬᠥᠮᠦᠨ ᠲᠥᠷᠦᠯᠬᠢᠲᠡᠨ ᠢ᠋ ᠡᠰᠡᠷᠭᠦᠴᠡᠭᠰᠡᠨ ᠶᠠᠯ᠎ᠠ ᠪᠠᠷ ᠰᠢᠢᠳᠬᠡᠯ ᠳ᠋ᠦ᠍ ᠤᠴᠠᠷᠠᠬᠤ ᠨᠢ ᠭᠠᠷᠴᠠᠭ᠎ᠠ ᠦᠭᠡᠢ ᠶᠠᠪᠤᠳᠠᠯ ᠪᠣᠯᠵᠤ᠂ ᠺᠣᠮᠮᠤᠨᠢᠰᠲ ᠵᠠᠰᠠᠭ ᠨᠢᠭᠡᠨᠲᠡ ᠮᠥᠬᠦᠯ ᠦ᠋ᠨ ᠵᠠᠮ ᠳ᠋ᠠᠭᠠᠨ ᠣᠷᠤᠭᠰᠠᠨ ᠢ᠋ ᠭᠡᠷᠡᠴᠢᠯᠡᠭᠰᠡᠨ ᠶᠦ᠍ᠮ᠃

ᠬᠢᠲᠠᠳ ᠤ᠋ᠨ ᠺᠣᠮᠮᠤᠨᠢᠰᠲ ᠨᠠᠮᠳᠠᠨ ᠨᠢ ᠡᠴᠦᠰ ᠦ᠋ᠨ ᠲᠡᠯᠴᠢᠯᠡᠯ ᠪᠣᠯᠵᠤ ᠪᠦᠬᠦᠢ ᠥᠨᠦᠳᠦᠷ ᠡᠮᠦᠨᠡᠳᠦ ᠮᠣᠩᠭᠤᠯᠴᠤᠳ ᠮᠠᠨᠢ ᠲᠤᠭᠲᠠᠪᠤᠷᠢ ᠲᠠᠢ ᠪᠠᠢᠵᠤ᠂ ᠣᠶᠤᠨᠯᠢᠭ ᠭᠢᠷᠠᠬᠠᠢ ᠪᠠᠷ ᠳᠡᠯᠡᠬᠡᠢ ᠶ᠋ᠢᠨ ᠪᠠᠢᠳᠠᠯ ᠢ᠋ ᠠᠵᠢᠭᠯᠠᠨ ᠰᠢᠨᠵᠢᠵᠦ᠂ ᠳᠠᠬᠢᠨ ᠥᠷᠨᠢᠵᠦ ᠪᠦᠬᠦᠢ ᠺᠣᠮᠮᠤᠨᠢᠰᠲ ᠸᠢᠷᠦ᠋ᠰ ᠡᠴᠨ ᠰᠡᠷᠭᠡᠢᠯᠡᠨ ᠬᠢᠴᠢᠶᠡᠵᠦ᠂ ᠠᠮᠢ ᠨᠠᠰᠤ ᠠᠯᠳᠠᠨ ᠪᠡᠶ᠎ᠡ ᠪᠡᠨ ᠡᠷᠴᠢᠮᠲᠡᠢ ᠬᠠᠮᠠᠭᠠᠯᠠᠵᠤ ᠰᠢᠨ᠎ᠡ ᠪᠡᠷ ᠢᠷᠡᠬᠦ ᠠᠤᠭ᠎ᠠ ᠴᠠᠭ ᠦᠶ᠎ᠡ ᠶ᠋ᠢ ᠡᠷᠡᠭᠦᠯ ᠰᠠᠷᠠᠭᠤᠯ ᠢ᠋ᠶ᠋ᠠᠷ ᠤᠭᠲᠤᠬᠤ ᠪᠡᠷ ᠪᠡᠯᠡᠨ ᠪᠠᠢᠬᠤ ᠶ᠋ᠢ ᠬᠦᠰᠡᠨ ᠰᠠᠨᠠᠭᠤᠯᠵᠤ ᠪᠠᠢᠨ᠎ᠠ᠃ ᠪᠢᠳᠡ ᠥᠪᠡᠷ ᠦ᠋ᠨ ᠡᠬᠡ ᠣᠷᠤᠨ ᠤ᠋ ᠪᠠᠨ ᠵᠢᠩᠬᠢᠨᠢ ᠡᠵᠡᠨ ᠪᠣᠯᠬᠤ ᠭᠡᠰᠡᠨ ᠶᠡᠷᠦᠩᠬᠡᠢ ᠦᠵᠡᠯᠲᠡ ᠲᠠᠨᠢᠯᠲᠠ ᠶ᠋ᠢ ᠭᠦᠨᠵᠡᠭᠡᠢ ᠮᠡᠳᠡᠵᠦ ᠥᠪᠡᠷᠰᠡᠳ ᠦ᠋ᠨ ᠦᠨᠳᠦᠰᠦᠲᠡᠨ ᠦ᠌ ᠬᠤᠪᠢ ᠵᠠᠶᠠᠭ᠎ᠠ ᠪᠠᠨ ᠥᠪᠡᠷ ᠢ᠋ᠶ᠋ᠡᠨ ᠡᠵᠡᠨ ᠮᠡᠳᠡᠬᠦ ᠶᠠᠪᠤᠳᠠᠯ ᠢ᠋ ᠬᠥᠮᠦᠨ ᠪᠦᠬᠦᠨ ᠠᠩᠬᠠᠷᠤᠯ ᠳ᠋ᠠᠭᠠᠨ ᠠᠪᠬᠤ ᠴᠠᠭ ᠡᠷᠡᠨ ᠬᠦᠷᠴᠦ ᠢᠷᠡᠭᠰᠡᠨ ᠪᠠᠢᠨ᠎ᠠ᠃ ᠬᠠᠷᠢ ᠭᠠᠳᠠᠭᠠᠳᠤ ᠳ᠋ᠤ᠌ ᠪᠠᠢᠭ᠎ᠠ ᠡᠮᠦᠨᠡᠳᠦ ᠮᠣᠩᠭᠤᠯᠴᠤᠳ ᠤ᠋ᠨ ᠬᠥᠪᠡᠭᠦᠳ ᠥᠬᠢᠳ ᠬᠢᠲᠠᠳ ᠤ᠋ᠨ ᠭᠠᠯᠵᠠᠭᠤ ᠵᠠᠰᠠᠭ ᠵᠢᠴᠢ ᠺᠣᠮᠮᠤᠨᠢᠰᠲ ᠨᠠᠮᠲᠠᠨ ᠳ᠋ᠤ᠌ ᠬᠠᠨᠳᠤᠵᠤ ᠮᠢᠲᠠᠷᠠᠰᠢ ᠦᠭᠡᠢ ᠲᠡᠮᠡᠴᠡᠯ ᠥᠷᠨᠢᠭᠦᠯᠵᠦ᠂ 《 ᠡᠮᠦᠨᠡᠳᠦ ᠮᠣᠩᠭᠤᠯ ᠤ᠋ᠨ ᠶᠡᠬᠡ ᠬᠤᠷᠠᠯᠳᠠᠢ 》 ᠢᠨ ᠬᠡᠯᠪᠡᠷᠢ ᠪᠡᠷ ᠨᠤᠲᠤᠭ ᠣᠷᠤᠨ ᠳ᠋ᠠᠭᠠᠨ ᠪᠠᠢᠭ᠎ᠠ ᠡᠮᠦᠨᠡᠳᠦ ᠮᠣᠩᠭᠤᠯᠴᠤᠳ ᠢ᠋ᠶ᠋ᠠᠨ ᠤᠷᠢᠶᠠᠯᠠᠨ ᠰᠠᠨᠠᠭᠤᠯᠵᠤ ᠪᠠᠢᠨ᠎ᠠ᠃ ᠡᠮᠦᠨᠡᠳᠦ ᠮᠣᠩᠭᠤᠯᠴᠤᠳ ᠤ᠋ᠨ ᠬᠣᠵᠢᠮ ᠤ᠋ᠨ ᠬᠤᠪᠢ ᠵᠠᠶᠠᠭ᠎ᠠ ᠶ᠋ᠢ ᠮᠣᠩᠭᠤᠯᠴᠤᠳ ᠥᠪᠡᠷ ᠢ᠋ᠶ᠋ᠡᠨ ᠰᠣᠩᠭᠤᠨ ᠲᠣᠭᠲᠠᠭᠠᠬᠤ ᠶᠤᠮ᠂ ᠪᠢᠳᠡᠨ ᠦ᠌ ᠵᠣᠬᠢᠶᠠᠨ ᠪᠠᠢᠭᠤᠯᠤᠯᠲᠠ ᠴᠠᠭ ᠦᠷᠭᠦᠯᠵᠢ ᠲᠠ ᠨᠠᠷ ᠤ᠋ᠨ ᠰᠢᠳᠤᠷᠭᠤ ᠶᠣᠰᠤᠨ ᠢ᠋ ᠳᠡᠮᠵᠢᠵᠦ᠂ ᠲᠠ ᠨᠠᠷ ᠲᠠᠢ ᠪᠠᠨ ᠲᠠᠭᠤᠨ ᠬᠣᠭᠤᠯᠠᠢ ᠪᠠᠨ ᠬᠠᠮᠲᠤᠳᠭᠠᠵᠤ᠂ ᠲᠠ ᠨᠠᠷ ᠤ᠋ᠨ ᠡᠷᠬᠡ ᠴᠢᠯᠦᠭᠡᠨ ᠦ᠌ ᠠᠷᠢᠭᠤᠨ ᠦᠢᠯᠡᠰ ᠲᠦ᠍ ᠬᠤᠪᠢ ᠪᠡᠶ᠎ᠡ ᠪᠡᠨ ᠵᠣᠷᠢᠭᠤᠯᠬᠤ ᠪᠠᠷ ᠪᠡᠯᠡᠨ ᠪᠡᠯᠡᠳᠭᠡᠯ ᠲᠡᠢ ᠶᠠᠪᠤᠵᠤ ᠪᠠᠢᠭ᠎ᠠ ᠶᠤᠮ᠃ ᠨᠤᠲᠤᠭ ᠣᠷᠤᠨ ᠤ᠋ ᠡᠯ᠎ᠡ ᠹᠷᠣᠨ᠋ᠲ ᠳ᠋ᠤ᠌ ᠪᠠᠢᠭ᠎ᠠ ᠲᠠ ᠨᠠᠷ ᠦᠵᠡᠯᠲᠡ ᠲᠠᠨᠢᠯᠲᠠ ᠪᠠᠨ ᠰᠢᠨᠡᠳᠭᠡᠵᠦ ᠰᠢᠨ᠎ᠡ ᠴᠠᠭ ᠢ᠋ ᠭᠦᠨ ᠮᠡᠳᠡᠷᠡᠵᠦ᠂ ᠥᠪᠡᠷ ᠢ᠋ ᠪᠡᠨ ᠺᠣᠮᠮᠤᠨᠢᠰᠲ ᠵᠠᠰᠠᠭ ᠠ᠋ᠴᠠ ᠡᠷᠴᠢᠮ ᠲᠡᠢ ᠠᠩᠭᠢᠵᠢᠷᠠᠵᠤ ᠮᠣᠩᠭᠤᠯᠴᠤᠳ ᠤ᠋ᠨ ᠢ᠋ᠶ᠋ᠠᠨ ᠶᠡᠬᠡ ᠡᠩᠨᠡᠭᠡᠨ ᠳ᠋ᠦ᠍ ᠰᠢᠭᠤᠷᠬᠠᠢ ᠣᠷᠤᠵᠤ ᠢᠷᠡᠬᠦ ᠶ᠋ᠢ ᠨᠠᠢᠳᠠᠨ ᠰᠠᠨᠠᠭᠤᠯᠵᠤ ᠪᠠᠢᠨ᠎ᠠ᠃

ᠡᠮᠦᠨᠡᠳᠦ ᠮᠣᠩᠭᠤᠯ ᠤ᠋ᠨ ᠶᠡᠬᠡ ᠬᠤᠷᠠᠯᠳᠠᠢ

2020 ᠣᠨ ᠤ᠋ 4 ᠰᠠᠷ᠎ᠠ ᠶ᠋ᠢᠨ 16 ᠦ᠌ ᠡᠳᠦᠷ 

ᠪᠢᠳᠡᠨ ᠲᠡᠢ ᠬᠠᠷᠢᠯᠴᠠᠬᠤ ᠢᠮᠸᠯ᠄ info@southmongolia.org

ᠰᠦᠯᠵᠢᠶᠡᠨ ᠦ᠌ ᠬᠠᠶᠠᠭ᠄ http://southmongolia.org

ᠡᠬᠢ ᠰᠤᠷᠪᠤᠯᠵᠢ᠄ http://southmongolia.org/mn/2043

info@southmongolia.org