5 ᠰᠠᠷ᠎ᠠ ᠶᠢᠨ11 ᠦ 《 ᠡᠮᠦᠨᠡᠲᠦ ᠮᠣᠩᠭᠣᠯᠴᠤᠳ ᠢ ᠳᠡᠮᠵᠢᠬᠦ ᠡᠳᠦᠷ 》 ᠢ ᠲᠣᠬᠢᠶᠠᠯᠳᠤᠭᠤᠯᠤᠨ 《 ᠮᠢᠨᠤ ᠮᠡᠳᠡᠬᠦ ᠡᠮᠦᠨᠡᠲᠦ ᠮᠣᠩᠭᠣᠯ 》 ᠮᠣᠩᠭᠣᠯ ᠪᠢᠴᠢᠭ ᠦᠨ ᠡᠰᠰᠸ᠂ ᠤᠷᠠᠨ ᠪᠢᠴᠢᠯᠭᠡ ᠶᠢᠨ ᠤᠷᠤᠯᠳᠤᠭᠠᠨ ᠤ ᠱᠠᠩᠨᠠᠯ ᠭᠠᠷᠳᠠᠭᠤᠯᠬᠤ ᠦᠢᠯᠡ ᠠᠵᠢᠯᠯᠠᠭ᠎ᠠ ᠨᠢ ᠮᠣᠩᠭᠣᠯ ᠤᠯᠤᠰ ᠤᠨ ᠨᠡᠢᠰᠯᠡᠯ ᠤᠯᠠᠭᠠᠨᠪᠠᠭᠠᠲᠤᠷ ᠲᠤ ᠪᠣᠯᠣᠯ᠎ᠠ᠃
ᠶᠠᠫᠣᠨ ᠳᠤ ᠲᠥᠪ ᠲᠡᠢ ᠡᠮᠦᠨᠡᠲᠦ ᠮᠣᠩᠭᠣᠯ ᠤᠨ ᠶᠡᠬᠡ ᠬᠤᠷᠠᠯᠳᠠᠢ ᠪᠣᠯᠣᠨ ᠮᠣᠩᠭᠣᠯ ᠤᠯᠤᠰ ᠤᠨ ᠳᠡᠯᠡᠬᠡᠢ ᠶᠢᠨ ᠮᠣᠩᠭᠣᠯᠴᠤᠳ ᠤᠨ ᠬᠣᠯᠪᠤᠭ᠎ᠠ ᠪᠠᠢᠭᠤᠯᠤᠯᠭ᠎ᠠ ᠨᠤᠭᠤᠳ ᠬᠠᠮᠲᠤᠷᠠᠨ 《 ᠮᠢᠨᠤ ᠮᠡᠳᠡᠬᠦ ᠡᠮᠦᠨᠡᠲᠦ ᠮᠣᠩᠭᠣᠯ 》 ᠬᠣᠲᠤᠮ ᠮᠣᠩᠭᠣᠯ ᠪᠢᠴᠢᠭ ᠦᠨ ᠡᠰᠰᠸ᠂ ᠤᠷᠠᠨ ᠪᠢᠴᠢᠯᠭᠡ ᠶᠢᠨ ᠤᠷᠤᠯᠳᠤᠭᠠᠨ ᠢ 2022 ᠣᠨ ᠤ 2 ᠳ᠋ᠤᠭᠠᠷ ᠰᠠᠷ᠎ᠠ ᠶᠢᠨ 21 ᠦ 《 ᠣᠯᠠᠨ ᠤᠯᠤᠰ ᠤᠨ ᠡᠬᠡ ᠬᠡᠯᠡᠨ ᠦ ᠡᠳᠦᠷ 》 ᠢ ᠲᠣᠬᠢᠶᠠᠯᠳᠤᠭᠤᠯᠤᠨ ᠣᠷᠣᠨ ᠳᠠᠶᠠᠭᠠᠷ ᠵᠠᠷᠯᠠᠵᠤ ᠬᠣᠶᠠᠷ ᠰᠠᠷ᠎ᠠ ᠶᠢᠨ ᠬᠤᠭᠤᠴᠠᠭᠠᠨ ᠳᠤ ᠪᠦᠲᠦᠭᠡᠯ ᠦᠳ ᠢᠶᠡᠨ ᠬᠦᠯᠢᠶᠡᠨ ᠠᠪᠤᠪᠠ᠃ ᠤᠷᠤᠯᠳᠤᠭᠠᠨ ᠳᠤ ᠶᠡᠷᠦᠩᠬᠡᠢ ᠪᠣᠯᠪᠠᠰᠤᠷᠠᠯ ᠤᠨ ᠠᠬᠠᠯᠠᠬᠤ ᠠᠩᠭᠢ 10 – 12᠂ ᠳᠤᠮᠳᠠ ᠠᠩᠭᠢ 6 – 9 ᠭᠡᠰᠡᠨ ᠬᠣᠶᠠᠷ ᠠᠩᠭᠢᠯᠠᠯ ᠢᠶᠠᠷ ᠶᠠᠪᠤᠭᠳᠠᠨ ᠲᠤᠰ ᠪᠦᠷᠢ 6 ᠪᠠᠢᠷᠢ ᠶᠢ ᠰᠢᠯᠭᠠᠷᠠᠭᠤᠯᠵᠤ ᠨᠡᠢᠲᠡ 12 ᠰᠤᠷᠤᠭᠴᠢ ᠱᠠᠩᠨᠠᠯᠲᠤ ᠪᠠᠢᠷᠢᠨ ᠳᠤ ᠣᠷᠣᠯ᠎ᠠ᠃ ᠤᠷᠤᠯᠳᠤᠭᠠᠨ ᠤ ᠪᠦᠲᠦᠭᠡᠯ ᠢ ᠣᠨᠯᠠᠶ᠋ᠢᠨ ᠪᠣᠯᠣᠨ ᠪᠡᠶᠡᠲᠦ ᠪᠡᠷ ᠨᠢ ᠬᠦᠯᠢᠶᠡᠨ ᠠᠪᠤᠭᠰᠠᠨ ᠪᠦᠭᠡᠳ ᠰᠢᠯᠭᠠᠷᠠᠭᠤᠯᠤᠯᠲᠠ ᠳᠤ ᠪᠦᠲᠦᠭᠡᠯ ᠦᠳ ᠦᠨ ᠤᠳᠬ᠎ᠠ ᠠᠭᠤᠯᠭ᠎ᠠ᠂ ᠬᠡᠯᠡ ᠨᠠᠢᠷᠠᠭᠤᠯᠭ᠎ᠠ ᠪᠣᠯᠣᠨ ᠪᠢᠴᠢᠭ ᠦᠨ ᠬᠡᠪ ᠮᠠᠶ᠋ᠢᠭ᠂ ᠵᠥᠪ ᠪᠢᠴᠢᠯᠭᠡ ᠶᠢᠨ ᠳᠦᠷᠢᠮ ᠵᠡᠷᠭᠡ ᠶᠢ ᠭᠣᠣᠯ ᠠᠩᠬᠠᠷᠤᠭᠰᠠᠨ ᠪᠠᠢᠨ᠎ᠠ᠃ ᠲᠤᠰ ᠤᠷᠤᠯᠳᠤᠭᠠᠨ ᠳᠤ ᠮᠣᠩᠭᠣᠯ ᠤᠯᠤᠰ ᠤᠨ 19 ᠠᠢᠮᠠᠭ ᠤᠨ ᠠᠬᠠᠯᠠᠬᠤ᠂ ᠳᠤᠮᠳᠠ ᠠᠩᠭᠢ ᠶᠢᠨ 92 ᠰᠤᠷᠤᠭᠴᠢ ᠣᠷᠣᠯᠴᠠᠪᠠ᠃
ᠢᠯᠠᠩᠭᠤᠶ᠎ᠠ ᠬᠥᠳᠡᠭᠡ ᠣᠷᠣᠨ ᠨᠤᠲᠤᠭ ᠠᠴᠠ ᠮᠣᠩᠭᠣᠯ ᠬᠡᠯᠡ ᠪᠢᠴᠢᠭ ᠦᠨ ᠪᠠᠭᠰᠢ ᠨᠠᠷ ᠰᠤᠷᠤᠭᠴᠢ ᠢᠶᠠᠨ ᠪᠡᠯᠡᠳᠬᠡᠨ ᠣᠷᠣᠯᠴᠠᠭᠤᠯᠤᠭᠰᠠᠨ ᠨᠢ ᠣᠨᠴᠠᠯᠠᠭᠤᠰᠢᠲᠠᠢ ᠪᠠᠢᠯ᠎ᠠ᠃ ᠡᠰᠰᠸ᠂ ᠤᠷᠠᠨ ᠪᠢᠴᠢᠯᠭᠡ ᠶᠢᠨ ᠤᠷᠤᠯᠳᠤᠭᠠᠨ ᠳᠤ ᠣᠷᠣᠯᠴᠠᠭᠰᠠᠨ ᠰᠤᠷᠤᠭᠴᠢᠳ ᠠᠴᠠ ᠡᠨᠡ ᠬᠦ ᠤᠷᠤᠯᠳᠤᠭᠠᠨ ᠳᠤ ᠣᠷᠣᠯᠴᠠᠬᠤ ᠶᠢᠨ ᠲᠤᠯᠠᠲᠠ ᠮᠣᠩᠭᠣᠯ ᠪᠢᠴᠢᠭ ᠢᠶᠡᠨ ᠢᠯᠡᠭᠦᠦ ᠰᠠᠢᠨ ᠳᠠᠪᠲᠠᠵᠤ᠂ ᠪᠠᠭᠰᠢ ᠨᠠᠷ ᠲᠠᠢ ᠪᠠᠨ ᠠᠵᠢᠯᠯᠠᠭᠰᠠᠨ᠂ ᠥᠪᠥᠷ ᠮᠣᠩᠭᠣᠯ ᠤᠨ ᠲᠡᠦᠬᠡ ᠶᠢ ᠰᠣᠳᠣᠯᠠᠵᠤ᠂ ᠮᠡᠳᠡᠭᠰᠡᠨ ᠭᠡᠳ ᠯᠠ ᠲᠠᠯᠠᠷᠬᠠᠵᠤ ᠪᠠᠢᠭ᠎ᠠ ᠪᠠᠨ ᠣᠯᠠᠨ ᠰᠤᠷᠤᠭᠴᠢᠳ ᠢᠯᠡᠷᠬᠡᠢᠯᠡᠭᠰᠡᠭᠡᠷ ᠪᠠᠢᠯ᠎ᠠ᠃
ᠲᠠᠰᠢᠷᠠᠮ ᠳᠤ ᠨᠢ ᠨᠢᠭᠡᠨ ᠵᠦᠢᠯ ᠢ ᠰᠠᠨᠠᠬᠤ ᠳᠤ᠂ ᠲᠤᠰ ᠤᠷᠤᠯᠳᠤᠭᠠᠨ ᠢ ᠰᠡᠳᠦᠨ ᠰᠠᠨᠠᠭᠠᠴᠢᠯᠠᠭᠴᠢ᠂ ᠭᠣᠣᠯ ᠵᠣᠬᠢᠶᠠᠨ ᠪᠠᠢᠭᠤᠯᠤᠭᠴᠢ ᠶᠢᠨ ᠨᠢᠭᠡᠨ ᠪᠣᠯᠬᠤ᠂ ᠡᠮᠦᠨᠡᠲᠦ ᠮᠣᠩᠭᠣᠯ ᠤᠨ ᠬᠦᠮᠦᠨ ᠡᠷᠬᠡ ᠵᠡᠷᠭᠡ ᠠᠰᠠᠭᠤᠳᠠᠯ ᠳᠤ ᠤᠳᠠᠭᠠᠨ ᠵᠢᠯ ᠪᠡᠶ᠎ᠡ ᠰᠡᠳᠭᠢᠯ ᠢᠶᠡᠨ ᠴᠢᠯᠡᠭᠡᠨ ᠵᠥᠳᠡᠭᠡᠵᠦ ᠢᠷᠡᠭᠰᠡᠨ ᠡᠮᠦᠨᠡᠲᠦ ᠮᠣᠩᠭᠣᠯ ᠤᠨ ᠶᠡᠬᠡ ᠬᠤᠷᠠᠯᠳᠠᠢ ᠶᠢᠨ ᠳᠡᠳ᠋ ᠲᠡᠷᠢᠭᠦᠨ᠂ ᠰᠡᠳᠭᠦᠯᠴᠢ ᠴ᠂ ᠮᠥᠩᠬᠡᠪᠠᠶᠠᠷ ᠭᠤᠸᠠᠢ ᠬᠠᠷᠢᠨ ᠵᠣᠬᠢᠶᠠᠮᠠᠯ ᠬᠢᠯᠢᠰ ᠬᠡᠷᠡᠭ ᠢᠶᠡᠷ ᠬᠣᠷᠢᠭᠣᠯ ᠤᠨ ᠴᠠᠭᠠᠨ᠎ᠠ ᠪᠠᠢᠬᠤ ᠨᠢ ᠶᠠᠭᠤᠲᠠᠢ ᠬᠠᠷᠠᠮᠰᠠᠯᠲᠠᠢ᠃
ᠣᠷᠣᠯᠴᠠᠭᠰᠠᠨ ᠨᠡᠢᠲᠡ ᠰᠤᠷᠤᠭᠴᠢᠳ᠂ ᠪᠠᠭᠰᠢ ᠨᠠᠷ ᠲᠠᠭᠠᠨ ᠪᠠᠶᠠᠷᠯᠠᠯ᠎ᠠ᠃
ᠮᠣᠩᠭᠣᠯ ᠪᠢᠴᠢᠭ ᠲᠦᠭᠡᠮᠡᠯ ᠪᠣᠯᠲᠣᠭᠠᠢ︕
2022 ᠣᠨ ᠤ 5 ᠳ᠋ᠤᠭᠠᠷ ᠰᠠᠷ᠎ᠠ ᠶᠢᠨ 11 ᠦ ᠡᠳᠦᠷ