ᠡᠮᠦᠨᠡᠳᠦ ᠮᠣᠩᠭᠣᠯ ᠦ᠋ᠨ ᠶᠡᠬᠡ ᠬᠤᠷᠠᠯᠲᠠᠢ

ᠶᠠᠫᠣᠨ ᠤ 《 ᠡᠮᠦᠨᠡᠳᠦ ᠮᠣᠩᠭᠣᠯ ᠢ ᠳᠡᠮᠵᠢᠬᠦ ᠫᠠᠷᠯᠠᠮᠸᠨᠲ ᠤᠨ ᠭᠡᠰᠢᠭᠦᠳ ᠦᠨ ᠬᠣᠯᠪᠤᠭ᠎ᠠ 》 ᠨᠢ ᠬᠤᠷᠠᠯᠳᠤᠪᠠ

4 ᠳ᠋ᠦ᠋ᠭᠡᠷ ᠰᠠᠷ᠎ᠠ ᠶᠢᠨ 27 ᠤ ᠡᠳᠦᠷ᠂ ᠶᠠᠫᠣᠨ ᠤ 《 ᠡᠮᠦᠨᠡᠳᠦ ᠮᠣᠩᠭᠣᠯ ᠢ ᠳᠡᠮᠵᠢᠬᠦ ᠫᠠᠷᠯᠠᠮᠸᠨᠲ ᠤᠨ ᠭᠡᠰᠢᠭᠦᠳ ᠦᠨ ᠬᠣᠯᠪᠤᠭ᠎ᠠ 》 ᠨᠢ ᠶᠠᠫᠤᠨ ᠤ ᠤᠯᠤᠰ ᠤᠨ ᠬᠤᠷᠠᠯ ᠤᠨ ᠨᠢᠭᠡᠳᠦᠭᠡᠷ ᠲᠢᠩᠬᠢᠮ ᠳᠤ ᠬᠤᠷᠠᠯᠳᠤᠭᠰᠠᠨ ᠪᠠᠢᠨ᠎ᠠ᠃ ᠬᠤᠷᠠᠯ ᠳᠤ᠂ ᠬᠠᠤᠯᠢ ᠵᠦᠢ ᠶᠢᠨ ᠳ᠋ᠣᠺᠲ᠋ᠣᠷ ᠰ᠂ ᠪᠤᠶᠠᠨᠲᠤ ᠠᠴᠠ 《 ᠡᠮᠦᠨᠡᠲᠦ ᠮᠣᠩᠭᠤᠯ ᠳᠠᠬᠢ ᠪᠠᠢᠭᠠᠯᠢ ᠶᠢᠨ ᠪᠠᠶᠠᠯᠢᠭ ᠢ ᠨᠡᠭᠡᠭᠡᠨ ᠠᠰᠢᠭᠯᠠᠬᠤ᠂ ᠭᠠᠵᠠᠷ ᠲᠠᠷᠢᠶᠠᠯᠠᠩ ᠡᠷᠬᠢᠯᠡᠵᠦ ᠪᠠᠢᠭ᠎ᠠ ᠪᠠᠢᠳᠠᠯ 》 ᠰᠡᠳᠦᠪ ᠢᠶᠡᠷ ᠡᠮᠦᠨᠡᠲᠦ ᠮᠣᠩᠭᠤᠯ ᠳᠠᠬᠢ ᠪᠠᠢᠭᠠᠯᠢ ᠶᠢᠨ ᠪᠠᠶᠠᠯᠢᠭ ᠢ ᠳᠡᠭᠡᠷᠡᠮᠳᠡᠯᠭᠡ ᠶᠢᠨ ᠰᠢᠨᠵᠢᠲᠡᠢ ᠨᠡᠭᠡᠭᠡᠨ ᠠᠰᠢᠭᠯᠠᠵᠤ ᠪᠠᠢᠭ᠎ᠠ ᠰᠢᠯᠲᠠᠭᠠᠨ ᠵᠢᠴᠢ ᠲᠡᠭᠦᠨ ᠦ ᠪᠠᠢᠳᠠᠯ᠂ ᠭᠠᠵᠠᠷ ᠲᠠᠷᠢᠶᠠᠯᠠᠩ ᠬᠡᠳᠦ ᠡᠷᠬᠢᠯᠡᠭᠰᠡᠨ ᠡᠴᠡ ᠪᠣᠯᠵᠤ᠂ ᠲᠠᠯ᠎ᠠ ᠨᠤᠲᠤᠭ ᠪᠠᠢᠭᠠᠯᠢ ᠣᠷᠴᠢᠨ ᠡᠪᠳᠡᠭᠳᠡᠨ᠂ ᠡᠯᠡᠰᠦᠷᠬᠡᠭᠵᠢᠨ  ᠴᠦᠯᠵᠢᠵᠦ ᠪᠠᠢᠭ᠎ᠠ ᠲᠤᠬᠠᠢ ᠪᠤᠳᠠᠲᠠᠢ ᠲᠣᠭ᠎ᠠ ᠪᠠᠷᠢᠮᠲᠠ ᠲᠠᠢ ᠪᠠᠷ ᠲᠠᠢᠯᠪᠤᠷᠢᠯᠠᠨ ᠲᠠᠨᠢᠯᠴᠠᠭᠤᠯᠵᠠᠢ᠃

ᠬᠤᠷᠠᠯ ᠳᠤ 《 ᠡᠮᠦᠨᠡᠳᠦ ᠮᠣᠩᠭᠣᠯ ᠢ ᠳᠡᠮᠵᠢᠬᠦ ᠫᠠᠷᠯᠠᠮᠸᠨᠲ ᠤᠨ ᠭᠡᠰᠢᠭᠦᠳ ᠦᠨ ᠬᠣᠯᠪᠤᠭᠠᠨ 》 ᠳᠠᠷᠤᠭ᠎ᠠ ᠲᠠᠺᠠᠶ᠋ᠢᠴᠢ ᠰᠠᠨᠠᠶ᠋ᠸ ᠠᠴᠠ ᠬᠤᠷᠠᠯ ᠡᠬᠢᠯᠡᠬᠦ ᠦᠭᠡ ᠶᠠᠷᠢᠭᠰᠠᠨ ᠪᠦᠭᠡᠳ ᠳᠡᠳ᠋ ᠳᠠᠷᠤᠭ᠎ᠠ ᠡᠸ᠋ᠲ᠋ᠣᠣ ᠰᠸᠶ᠋ᠢᠴᠢ᠂ ᠰᠠᠺᠦᠷᠠᠳᠠ᠂ ᠶᠡᠷᠦᠩᠬᠡᠢ ᠨᠠᠷᠢᠨ ᠪᠢᠴᠢᠭ ᠦᠨ ᠳᠠᠷᠤᠭ᠎ᠠ ᠶᠠᠮᠠᠳᠠ ᠾᠢᠷᠣᠰᠢ ᠵᠡᠷᠭᠡ ᠲᠣᠰ ᠬᠣᠯᠪᠤᠭᠠᠨ ᠤ ᠬᠣᠷᠢ ᠰᠢᠬᠠᠮ ᠭᠡᠰᠢᠭᠦᠨ ᠪᠣᠯᠣᠨ 《 ᠣᠢᠭᠣᠷᠴᠤᠳ ᠢ ᠳᠡᠮᠵᠢᠬᠦ ᠫᠠᠷᠯᠠᠮᠸᠨᠲ ᠤᠨ ᠭᠡᠰᠢᠭᠦᠳ ᠦᠨ ᠬᠣᠯᠪᠤᠭ᠎ᠠ 》 ᠶᠢᠨ ᠳᠠᠷᠤᠭ᠎ᠠ ᠹᠦᠷᠦᠶᠠ ᠺᠸᠶ᠋ᠢᠵᠢ᠂ 《 ᠡᠮᠦᠨᠡᠲᠦ ᠮᠣᠩᠭᠣᠯ ᠢ ᠳᠡᠮᠵᠢᠬᠦ ᠪᠦᠬᠦ ᠤᠯᠤᠰ ᠤᠨ ᠣᠷᠣᠨ ᠨᠤᠲᠤᠭ ᠤᠨ ᠭᠡᠰᠢᠭᠦᠳ ᠦᠨ ᠬᠣᠯᠪᠤᠭᠠᠨ 》 ᠤ ᠳᠠᠷᠤᠭ᠎ᠠ ᠺᠠᠰᠠᠮᠠ ᠨᠣᠪᠣᠷᠦ᠂ ᠲᠣᠰ ᠬᠣᠯᠪᠣᠭᠠᠨ ᠤ ᠨᠠᠷᠢᠨ ᠪᠢᠴᠢᠭ ᠦᠨ ᠳᠠᠷᠤᠭ᠎ᠠ ᠶᠣᠰᠢᠳᠠ ᠺᠣᠶ᠋ᠢᠴᠢᠷᠤᠤ᠂  ᠶᠠᠫᠣᠨ ᠤ ᠭᠠᠳᠠᠭᠠᠳᠤ ᠶᠠᠪᠤᠳᠠᠯ ᠤᠨ ᠶᠠᠮᠣᠨ ᠤ ᠬᠠᠮᠢᠶ᠎ᠠ ᠪᠦᠬᠦᠢ ᠬᠠᠷᠢᠭᠤᠴᠠᠯᠭᠠᠲᠠᠨ᠂ ᠵᠢᠴᠢ 《 ᠡᠮᠦᠨᠡᠲᠦ ᠮᠣᠩᠭᠣᠯ ᠤᠨ ᠶᠡᠬᠡ ᠬᠤᠷᠠᠯᠳᠠᠢ 》 ᠶᠢᠨ ᠪᠠᠢᠩᠭᠤ ᠶᠢᠨ ᠳᠡᠳ᠋ ᠳᠠᠷᠤᠭ᠎ᠠ ᠣᠯᠬᠣᠨᠣᠳ ᠳᠠᠢᠴᠢᠨ᠂ ᠨᠠᠷᠢᠨ ᠪᠢᠴᠢᠭ ᠦᠨ ᠳᠡᠳ᠋ ᠳᠠᠷᠤᠭ᠎ᠠ ᠥᠯᠵᠡᠢᠳᠡᠯᠭᠡᠷ ᠵᠡᠷᠭᠡ ᠬᠦᠮᠦᠰ ᠣᠷᠣᠯᠴᠠᠪᠠ᠃

ᠬᠤᠷᠠᠯ ᠢ 《 ᠡᠮᠦᠨᠡᠳᠦ ᠮᠣᠩᠭᠣᠯ ᠢ ᠳᠡᠮᠵᠢᠬᠦ ᠫᠠᠷᠯᠠᠮᠸᠨᠲ ᠤᠨ ᠭᠡᠰᠢᠭᠦᠳ ᠦᠨ ᠬᠣᠯᠪᠤᠭᠠᠨ 》 ᠨᠠᠷᠢᠨ ᠪᠢᠴᠢᠭ ᠦᠨ ᠳᠠᠷᠤᠭ᠎ᠠ ᠮᠢᠶᠠᠽᠠᠸᠠ ᠾᠢᠷᠣᠶᠦᠺᠢ ᠡᠷᠬᠢᠯᠡᠪᠡ᠃

info@southmongolia.org