ᠪᠦᠭᠦᠳᠡ ᠨᠠᠢᠷᠠᠮᠳᠠᠬᠤ ᠬᠢᠲᠠᠳ ᠠᠷᠠᠳ ᠤᠯᠤᠰ ᠤᠨ ᠲᠡᠷᠢᠭᠦᠯᠡᠭᠴᠢ ᠰᠢ ᠵᠢᠨ ᠫᠢᠩ ᠳ᠋ᠦ᠍
2 ᠳ᠋ᠤᠭᠠᠷ ᠰᠠᠷ᠎ᠠ ᠶ᠋ᠢᠨ 21 ᠦ ᠡᠳᠦᠷ ᠪᠣᠯ ᠨᠢᠭᠡᠳᠦᠭᠰᠡᠨ ᠦᠨᠳᠦᠰᠦᠲᠡᠨ ᠦ ᠪᠠᠢᠭᠤᠯᠤᠯᠭ᠎ᠠ ᠠᠴᠠ ᠲᠣᠭᠲᠠᠭᠠᠭᠰᠠᠨ 《 ᠲᠡᠯᠡᠬᠡᠢ ᠶᠢᠨ ᠡᠬᠡ ᠬᠡᠯᠡᠨ ᠦ ᠡᠳᠦᠷ 》 ᠪᠣᠯᠬᠤ ᠶᠤᠮ᠃1952 ᠣᠨ ᠦ 2 ᠳ᠋ᠤᠭᠠᠷ ᠰᠠᠷ᠎ᠠ ᠶ᠋ᠢᠨ 21 ᠦ ᠡᠳᠦᠷ᠂ ᠲᠤᠬᠠᠢ ᠦᠶ᠎ᠡ ᠶ᠋ᠢᠨ ᠫᠠᠺᠢᠰᠲ᠋ᠠᠨ ᠤᠯᠤᠰ ᠤᠨ ᠨᠢᠭᠡᠨ ᠬᠡᠰᠡᠭ ᠪᠠᠢᠭᠰᠠᠨ ᠪᠸᠩᠭᠠᠯ ᠤ᠋ᠨ ᠲᠥᠪ ᠪᠣᠯᠬᠤ ᠳ᠋ᠠᠺᠠ ᠬᠣᠲᠠᠨ ᠳ᠋ᠦ᠍᠂ ᠡᠬᠡ ᠬᠡᠯᠡ ᠪᠡᠨ ᠬᠠᠮᠠᠭᠠᠯᠠᠨ᠂ ᠪᠸᠩᠭᠠᠯ ᠬᠡᠯᠡ ᠪᠡᠨ ᠪᠸᠩᠭᠠᠯᠴᠤᠳ ᠤ᠋ᠨ ᠢ᠋ᠶ᠋ᠠᠨ ᠨᠡᠢᠲᠡ ᠶ᠋ᠢᠨ ᠬᠡᠯᠡ ᠪᠣᠯᠭᠠᠬᠤ ᠶ᠋ᠢ ᠱᠠᠭᠠᠷᠳᠠᠭᠰᠠᠨ ᠬᠦᠳᠡᠯᠭᠡᠭᠡᠨ ᠢ ᠫᠠᠺᠢᠰᠲ᠋ᠠᠨ ᠤ ᠵᠠᠰᠠᠭ ᠨᠢ ᠴᠠᠭᠳᠠᠭ᠎ᠠ ᠬᠦᠳᠡᠯᠭᠡᠨ ᠴᠢᠰᠤᠲᠤ ᠳᠠᠷᠤᠩᠭᠤᠢᠯᠠᠯ ᠬᠢᠭᠰᠡᠨ ᠪᠠᠢᠨ᠎ᠠ᠃
ᠡᠬᠡ ᠬᠡᠯᠡ ᠪᠡᠨ ᠬᠠᠮᠠᠭᠠᠯᠠᠬᠤ ᠶ᠋ᠢᠨ ᠲᠥᠯᠦᠭᠡ ᠠᠯᠲᠠᠨ ᠠᠮᠢ ᠪᠠᠨ ᠵᠣᠷᠢᠭᠤᠯᠤᠭᠰᠠᠨ ᠲᠡᠳᠡ ᠨᠠᠷ ᠤ᠋ᠨ ᠡᠨᠡ ᠬᠦ᠌ ᠠᠭᠤᠤ ᠵᠣᠷᠢᠭ ᠶ᠋ᠢ ᠬᠦᠨᠳᠦᠳᠭᠡᠨ ᠪᠢᠰᠢᠷᠡᠵᠦ᠂ 1999 ᠣᠨ ᠳ᠋ᠦ᠍ ᠨᠢᠭᠡᠳᠦᠭᠰᠡᠨ ᠦᠨᠳᠦᠰᠦᠳᠡᠨ ᠤ᠋ ᠪᠠᠢᠭᠤᠯᠤᠯᠭ᠎ᠠ ᠨᠢ 2 ᠳ᠋ᠤᠭᠠᠷ ᠰᠠᠷ᠎ᠠ ᠶ᠋ᠢᠨ 21 ᠤ᠋ ᠡᠳᠦᠷ ᠢ᠋ 《 ᠳᠡᠯᠡᠬᠡᠢ ᠶ᠋ᠢᠨ ᠡᠬᠡ ᠬᠡᠯᠡᠨ ᠤ᠋ ᠡᠳᠦᠷ 》 ᠪᠣᠯᠭᠠᠨ ᠳᠤᠷᠠᠰᠬᠠᠨ ᠲᠡᠮᠳᠡᠭᠯᠡᠬᠦ ᠪᠡᠷ ᠪᠠᠢᠨ᠎ᠠ᠃ ᠶᠠᠭ ᠲᠡᠢᠮᠦ ᠤᠴᠢᠷ ᠠ᠋ᠴᠠ ᠣᠷᠴᠢᠨ ᠦᠶ᠎ᠡ ᠳ᠋ᠦ᠍ ᠠᠯᠢᠪᠠ ᠡᠬᠡ ᠬᠡᠯᠡ ᠪᠡᠨ ᠬᠠᠮᠠᠭᠠᠯᠠᠬᠤ ᠤᠴᠢᠷ᠂ ᠲᠡᠷᠡᠴᠢᠯᠡᠨ ᠡᠬᠡ ᠬᠡᠯᠡᠨ ᠳᠡᠬᠡᠨ ᠰᠠᠭᠤᠷᠢᠯᠠᠭᠰᠠᠨ ᠦᠨᠳᠦᠰᠦᠲᠡᠨ ᠤ᠋ ᠰᠣᠶᠤᠯ ᠢ᠋ᠶ᠋ᠠᠨ ᠬᠠᠮᠠᠭᠠᠯᠠᠬᠤ ᠤᠴᠢᠷ ᠨᠢ ᠨᠢᠭᠡᠨᠲᠡ ᠳᠡᠯᠡᠬᠡᠢ ᠶᠢᠷᠲᠢᠨᠴᠦ ᠶ᠋ᠢᠨ ᠨᠡᠢᠲᠡᠯᠢᠭ ᠥᠷᠲᠡᠭ ᠤ᠋ᠨ ᠦᠵᠡᠯᠲᠡ ᠪᠣᠯᠤᠭᠰᠠᠨ ᠪᠠᠢᠨ᠎ᠠ᠃
ᠭᠡᠲᠡᠯ᠎ᠡ᠂ ᠨᠢᠭᠡᠳᠦᠭᠰᠡᠨ ᠦᠨᠳᠦᠰᠦᠲᠡᠨ ᠦ ᠪᠠᠢᠭᠤᠯᠤᠯᠭ᠎ᠠ ᠶᠢᠨ ᠪᠠᠢᠩᠭᠤ ᠶᠢᠨ ᠬᠡᠷᠡᠭ ᠡᠷᠬᠢᠯᠡᠭᠴᠢ ᠤᠯᠤᠰ ᠪᠣᠯᠤᠭᠰᠠᠨ ᠤ ᠬᠤᠪᠢ ᠳᠤ ᠣᠯᠠᠨ ᠤᠯᠤᠰ ᠤᠨ ᠬᠠᠤᠯᠢ ᠳᠦᠷᠢᠮ᠂ ᠬᠠᠮᠲᠤ` ᠶᠢᠨ ᠵᠠᠷᠴᠢᠮ ᠢ ᠬᠠᠮᠠᠭᠠᠯᠠᠬᠤ ᠪᠠᠢᠷᠢᠨ ᠳᠤ ᠪᠠᠢᠬᠤ ᠶᠣᠰᠤᠲᠠᠢ ᠬᠢᠲᠠᠳ ᠤᠨ ᠵᠠᠰᠠᠭ ᠨᠢ᠂ ᠡᠮᠦᠨᠡᠲᠦ ᠮᠣᠩᠭᠤᠯ ᠳᠤ ᠣᠳᠤ ᠶᠠᠭ ᠰᠣᠶᠤᠯ ᠤᠨ ᠬᠢᠲᠤᠯᠭ᠎ᠠ ᠶᠠᠪᠤᠭᠤᠯᠵᠤ ᠪᠠᠢᠨ᠎ᠠ᠃ ᠮᠣᠩᠭᠤᠯᠴᠤᠳ ᠤᠨ ᠡᠬᠡ ᠬᠡᠯᠡ ᠶᠢ ᠰᠤᠷᠭᠠᠭᠤᠯᠢ ᠰᠣᠶᠤᠯ ᠤᠨ ᠬᠦᠷᠢᠶᠡᠨ ᠡᠴᠡ᠂ ᠴᠢᠨᠠᠭᠰᠢᠯᠠᠨ ᠡᠨᠡ ᠬᠦ ᠨᠡᠢᠭᠡᠮ ᠡᠴᠡ ᠠᠷᠴᠢᠨ ᠠᠷᠢᠯᠭᠠᠬᠤ ᠪᠣᠳᠤᠯᠭ᠎ᠠ ᠶᠢ ᠬᠡᠷᠡᠭᠵᠢᠭᠦᠯᠵᠦ ᠪᠠᠢᠨ᠎ᠠ᠃ ᠨᠢᠳᠤᠨᠤᠨ ᠨᠠᠮᠤᠷ ᠶᠢᠰᠦᠳᠦᠭᠡᠷ ᠰᠠᠷ᠎ᠠ ᠠᠴᠠ ᠡᠬᠢᠯᠡᠨ᠂ ᠦᠪᠡᠷᠳᠡᠭᠡᠨ ᠵᠠᠰᠠᠬᠤ ᠣᠷᠤᠨ ᠤ ᠰᠤᠷᠭᠠᠨ ᠬᠦᠮᠦᠵᠢᠯ ᠦᠨ ᠲᠢᠩᠬᠢᠮ ᠨᠢ᠂ ᠰᠤᠷᠭᠠᠭᠤᠯᠢ ᠶᠢᠨ ᠰᠤᠷᠭᠠᠨ ᠬᠦᠮᠦᠵᠢᠯ ᠳᠦ ᠮᠣᠩᠭᠤᠯ ᠬᠡᠯᠨ ᠢ᠋ᠶ᠋ᠠᠷ ᠬᠢᠴᠢᠶᠡᠯᠯᠡᠵᠦ ᠪᠠᠢᠭᠰᠠᠨ ᠡᠴᠡ ᠪᠡᠨ ᠬᠢᠲᠠᠳ ᠢᠶᠡᠷ ᠬᠢᠴᠢᠶᠡᠯᠯᠡᠬᠦ ᠪᠣᠯᠤᠨ᠎ᠠ ᠬᠡᠮᠡᠨ ᠵᠠᠷᠯᠠᠵᠠᠢ᠃ ᠡᠨᠡ ᠬᠦ᠌ ᠪᠣᠳᠤᠯᠭ᠎ᠠ ᠨᠢ ᠬᠢᠲᠠᠳ ᠤᠯᠤᠰ ᠤᠨ ᠦᠨᠳᠦᠰᠦᠨ ᠬᠠᠤᠯᠢ ᠳᠤ ᠪᠡᠨ ᠵᠢᠭᠠᠭᠰᠠᠨ 《 ᠠᠯᠢᠪᠠ ᠦᠨᠳᠦᠰᠦᠲᠡᠨ ᠦ ᠬᠡᠯᠡ ᠡᠷᠬᠡ ᠲᠡᠭᠰᠢ ᠪᠠᠢᠬᠤ 》 ᠭᠡᠰᠡᠨ ᠵᠦᠢᠯ ᠵᠣᠷᠪᠤᠰ ᠢ ᠨᠤᠬᠤᠴᠢᠨ ᠵᠦᠷᠢᠴᠡᠵᠦ ᠪᠠᠢᠬᠤ ᠪᠠᠷ ᠦᠯᠦ ᠪᠠᠷᠠᠨ᠂ ᠣᠯᠠᠨ ᠤᠯᠤᠰ ᠤᠨ ᠬᠠᠮᠲᠤ ᠶᠢᠨ ᠵᠠᠷᠴᠢᠮ ᠢ᠋ ᠴᠦ᠍ ᠢᠯᠡᠳᠲᠡ ᠪᠦᠳᠦᠭᠦᠯᠢᠭ ᠢᠶᠡᠷ ᠵᠦᠷᠢᠴᠡᠵᠦ ᠪᠠᠢᠨ᠎ᠠ᠃
ᠬᠢᠲᠠᠳ ᠤᠨ ᠡᠨᠡ ᠬᠦ᠌ ᠪᠣᠳᠤᠯᠭ᠎ᠠ ᠳᠤ ᠬᠠᠨᠲᠤᠨ ᠡᠮᠦᠨᠡᠳᠦ ᠮᠣᠩᠭᠤᠯᠴᠤᠳ ᠭᠤᠴᠢ ᠭᠠᠷᠤᠢ ᠲᠦᠮᠡᠨ ᠬᠦᠮᠦᠨ ᠳᠤᠷ᠎ᠠ ᠦᠭᠡᠢᠴᠡᠨ ᠡᠰᠡᠷᠭᠦᠴᠡᠵᠡᠢ᠃ ᠭᠡᠲᠡᠯ᠎ᠡ ᠬᠢᠲᠠᠳ ᠤᠨ ᠵᠠᠰᠠᠭ ᠨᠢ ᠡᠮᠦᠨᠡᠲᠦ ᠮᠣᠩᠭᠤᠯᠴᠤᠳ ᠤᠨ ᠦᠪᠡᠷᠰᠡᠳ ᠦᠨ ᠢᠶᠡᠨ ᠪᠠᠢᠬᠤ ᠶᠣᠰᠤᠲᠠᠢ ᠡᠷᠬᠡ ᠪᠡᠨ ᠬᠠᠮᠠᠭᠠᠯᠠᠬᠤ ᠶᠢᠨ ᠲᠦᠯᠦᠭᠡᠨ ᠦ ᠲᠡᠮᠡᠴᠡᠯ ᠢ ᠬᠦᠴᠦᠷᠬᠡᠢᠯᠡᠯ ᠪᠡᠷ ᠳᠠᠷᠤᠩᠭᠤᠢᠯᠠᠭᠰᠠᠨ ᠪᠠᠢᠨ᠎ᠠ᠃ ᠦᠨᠳᠦᠰᠦᠲᠡᠨ ᠦ ᠬᠡᠯᠡ ᠶᠢ ᠤᠰᠠᠳᠬᠠᠬᠤ ᠠᠵᠢᠯᠯᠠᠭ᠎ᠠ ᠪᠣᠯ ᠲᠡᠷᠡ ᠦᠨᠳᠦᠰᠦᠲᠡᠨ ᠦ ᠣᠶᠤᠨ ᠰᠠᠨᠠᠭ᠎ᠠ᠂ ᠠᠮᠢᠨ ᠰᠦᠨᠡᠰᠦ ᠶᠢ ᠪᠤᠰᠠᠨᠢᠭᠤᠯᠵᠤ ᠪᠠᠢᠭ᠎ᠠ ᠶᠠᠪᠤᠳᠠᠯ ᠪᠣᠯᠬᠤ ᠶᠤᠮ᠃ ᠮᠣᠩᠭᠤᠯ ᠦᠨᠳᠦᠰᠦᠳᠡᠨ ᠭᠡᠳᠡᠭ ᠢ ᠦᠭᠡᠢᠰᠬᠡᠵᠦ ᠪᠠᠢᠭ᠎ᠠ ᠰᠣᠶᠤᠯ ᠤᠨ ᠬᠢᠳᠤᠯᠭ᠎ᠠ ᠪᠣᠯᠬᠤ ᠶᠤᠮ᠃ ᠬᠢᠯᠢ ᠶᠢᠨ ᠭᠠᠳᠠᠨ᠎ᠠ ᠪᠠᠢᠭ᠎ᠠ ᠮᠣᠩᠭᠤᠯᠴᠤᠳ ᠪᠢᠳᠡ᠂ ᠨᠤᠲᠤᠭ ᠤᠨ ᠠᠬᠠᠨ ᠳᠡᠭᠦᠦᠰ ᠦᠨ ᠢᠶᠡᠨ ᠰᠢᠳᠤᠷᠭᠤ ᠶᠣᠰᠤᠨ ᠤ ᠡᠰᠡᠷᠭᠦᠴᠡᠯ ᠲᠡᠮᠡᠴᠡᠯ ᠢ ᠳᠡᠮᠵᠢᠨ ᠂ ᠮᠠᠨ ᠤ ᠦᠨᠳᠦᠰᠦᠲᠡᠨ ᠳᠦ ᠶᠠᠪᠤᠭᠤᠯᠵᠤ ᠪᠠᠢᠭ᠎ᠠ ᠡᠨᠡ ᠬᠦ ᠰᠣᠶᠤᠯ ᠤᠨ ᠬᠢᠳᠤᠯᠭ᠎ᠠ ᠶᠢ ᠡᠷᠡᠰ ᠡᠰᠡᠷᠭᠦᠴᠡᠵᠦ ᠪᠠᠢᠭ᠎ᠠ ᠪᠠᠨ ᠢᠯᠡᠷᠬᠡᠢᠯᠡᠬᠦ ᠶᠢᠨ ᠬᠠᠮᠲᠤ᠂ ᠬᠢᠲᠠᠳ ᠤᠨ ᠵᠠᠰᠠᠭ ᠪᠣᠯᠤᠨ ᠲᠡᠯᠡᠬᠡᠢ ᠳ᠋ᠠᠬᠢᠨ ᠤ ᠣᠯᠣᠰ ᠭᠦᠷᠦᠨ ᠨᠦᠭᠥᠳ ᠲᠦ ᠳᠣᠣᠷᠠᠬᠢ ᠳᠦᠷᠪᠡᠨ ᠵᠦᠢᠯ ᠢ ᠲᠥᠪ ᠴᠢᠩᠭ᠎ᠠ ᠪᠠᠷ ᠲᠤᠯᠭᠠᠨ ᠱᠠᠭᠠᠷᠳᠠᠵᠤ ᠪᠠᠢᠨ᠎ᠠ᠃
◆ ᠬᠢᠲᠠᠳ ᠤᠨ ᠵᠠᠰᠠᠭ ᠨᠢ ᠡᠮᠦᠨᠡᠲᠦ ᠮᠣᠩᠭᠤᠯᠴᠤᠳ ᠤᠨ ᠡᠬᠡ ᠬᠡᠯᠡ ᠶᠢ ᠤᠰᠠᠳᠬᠠᠵᠤ ᠪᠠᠢᠭ᠎ᠠ ᠰᠣᠶᠤᠯ ᠤᠨ ᠬᠢᠲᠤᠯᠭ᠎ᠠ ᠪᠠᠨ ᠳᠠᠷᠤᠢ ᠲᠦᠷᠭᠡᠨ ᠵᠣᠭᠰᠣᠭᠠᠨ᠂ ᠰᠣᠶᠤᠯ ᠤᠨ ᠣᠯᠠᠨ ᠲᠠᠯᠠᠲᠤ ᠰᠢᠨᠵᠢ ᠬᠦᠨᠳᠦᠳᠬᠡᠨ᠂ ᠨᠡᠢᠲᠡ ᠶᠢᠨ ᠰᠤᠷᠭᠠᠭᠤᠯᠢ ᠪᠣᠯᠪᠠᠰᠤᠷᠠᠯ ᠦᠨ ᠬᠦᠷᠢᠶᠡᠨ ᠳᠠᠬᠢ ᠪᠦᠬᠦ ᠲᠦᠷᠦᠯ ᠢ ᠮᠣᠩᠭᠤᠯ ᠬᠡᠯᠡ ᠪᠡᠷ ᠢᠶᠡᠨ ᠵᠢᠭᠠᠬᠤ ᠶᠢ ᠨᠢ ᠰᠡᠷᠭᠦᠭᠡᠨ ᠥᠭᠬᠦ ᠶᠢ ᠴᠢᠩᠭ᠎ᠠ ᠱᠠᠭᠠᠷᠳᠠᠵᠤ ᠪᠠᠢᠨ᠎ᠠ᠃
◆ ᠬᠢᠲᠠᠳ ᠤᠨ ᠵᠠᠰᠠᠭ ᠨᠢ᠂ ᠬᠢᠲᠠᠳ ᠢᠷᠭᠡᠳ ᠦᠨ ᠡᠮᠦᠨᠡᠳᠦ ᠮᠣᠩᠭᠤᠯ ᠳᠤ ᠳᠤᠷ᠎ᠠ ᠪᠠᠷ ᠨᠡᠭᠦᠳᠡᠯᠯᠡᠨ ᠢᠷᠡᠬᠦ ᠶᠢ ᠳᠠᠷᠦᠢ ᠲᠦᠷᠭᠡᠨ ᠵᠣᠭᠰᠣᠭᠠᠨ᠂ ᠡᠮᠦᠨᠡᠳᠦ ᠮᠣᠩᠭᠤᠯᠴᠤᠳ ᠤᠨ ᠬᠦᠮᠦᠨ ᠦ ᠡᠷᠬᠡ ᠪᠣᠯᠤᠨ ᠦᠪᠡᠷᠰᠡᠳ ᠢᠶᠡᠨ ᠰᠢᠢᠳᠬᠦ ᠡᠷᠬᠡ ᠶᠢ ᠪᠤᠴᠠᠭᠠᠨ ᠥᠭᠬᠦ ᠶᠢ ᠱᠠᠭᠠᠷᠳᠠᠵᠤ ᠪᠠᠢᠨ᠎ᠠ᠃
◆ ᠡᠮᠦᠨᠡᠲᠦ ᠮᠣᠩᠭᠤᠯᠴᠤᠳ ᠤᠨ ᠡᠬᠡ ᠬᠡᠯᠡ ᠪᠡᠨ ᠬᠠᠮᠠᠭᠠᠯᠠᠬᠤ ᠶᠠᠪᠤᠳᠠᠯ ᠪᠣᠯ ᠪᠦᠭᠦᠳᠡ ᠨᠠᠢᠷᠠᠮᠳᠠᠬᠤ ᠬᠢᠲᠠᠳ ᠠᠷᠠᠳ ᠤᠯᠤᠰ ᠤᠨ 《 ᠦᠨᠳᠦᠰᠦᠨ ᠬᠠᠤᠯᠢ 》 ᠳ᠋ᠦ᠍ ᠴᠦ᠍ ᠵᠦᠪᠰᠢᠶᠡᠷᠡᠭᠳᠡᠭᠰᠡᠨ ᠲᠥᠪ ᠶᠣᠰᠤᠨ ᠤ᠋ ᠡᠷᠬᠡ ᠪᠣᠯᠬᠤ ᠶᠤᠮ᠃ ᠬᠠᠤᠯᠢ ᠪᠣᠰᠤ ᠪᠠᠷ ᠪᠠᠷᠢᠪᠴᠢᠯᠠᠭᠰᠠᠨ ᠮᠣᠩᠭᠤᠯᠴᠤᠳ ᠢ᠋ ᠳᠠᠷᠤᠢ ᠲᠦᠷᠭᠡᠨ ᠰᠤᠯᠠᠯᠠᠬᠤ ᠶ᠋ᠢ ᠲᠥᠪ ᠴᠢᠩᠭ᠎ᠠ ᠪᠠᠷ ᠲᠤᠯᠭᠠᠨ ᠱᠠᠭᠠᠷᠳᠠᠵᠤ ᠪᠠᠢᠨ᠎ᠠ᠃
◆ ᠳᠠᠶᠠᠩ ᠳᠡᠯᠡᠬᠡᠢ ᠶᠢᠨ ᠤᠯᠤᠰ ᠣᠷᠤᠨ ᠠᠴᠠ ᠡᠮᠦᠨᠡᠳᠦ ᠮᠣᠩᠭᠤᠯᠴᠤᠳ ᠪᠢᠳᠡᠨ ᠦ ᠡᠬᠡ ᠬᠡᠯᠡ᠂ ᠲᠡᠦᠬᠡ ᠰᠣᠶᠤᠯ ᠢ ᠮᠢᠨᠢ ᠪᠠᠯᠠᠯᠤᠨ ᠤᠰᠠᠳᠬᠠᠵᠤ ᠪᠠᠢᠭ᠎ᠠ ᠬᠢᠲᠠᠳ ᠤᠨ ᠲᠥᠷᠦ ᠶᠢᠨ ᠪᠣᠳᠤᠯᠭ᠎ᠠ ᠪᠣᠯᠬᠤ 《 ᠰᠣᠶᠤᠯ ᠤᠨ ᠬᠢᠲᠤᠯᠭ᠎ᠠ 》 ᠶ᠋ᠢ ᠬᠢᠲᠠᠳ ᠤᠨ ᠵᠠᠰᠠᠭ ᠲᠤ ᠳᠠᠷᠤᠢ ᠲᠥᠷᠭᠡᠨ ᠵᠣᠭᠰᠤᠭᠠᠬᠤ ᠶ᠋ᠢ ᠲᠤᠯᠭᠠᠨ ᠱᠠᠭᠠᠷᠳᠠᠬᠤ ᠶ᠋ᠢ ᠰᠠᠨᠠᠭᠠᠴᠢᠯᠠᠨ ᠤᠷᠢᠶᠠᠯᠠᠬᠤ ᠶ᠋ᠢᠨ ᠬᠠᠮᠲᠤ᠂ ᠬᠡᠷᠪᠡ ᠬᠢᠲᠠᠳ ᠤᠨ ᠵᠠᠰᠠᠭ ᠨᠢ ᠡᠨᠡ ᠬᠦ᠌ ᠱᠠᠭᠠᠷᠳᠠᠯᠭ᠎ᠠ ᠶ᠋ᠢ ᠬᠦᠯᠢᠶᠡᠨ ᠵᠦᠪᠰᠢᠶᠡᠷᠡᠬᠦ ᠦᠭᠡᠢ ᠶᠤᠮ ᠪᠣᠯ 2022 ᠣᠨ ᠤ ᠪᠡᠭᠡᠵᠢᠩ ᠤ᠋ᠨ ᠡᠪᠦᠯ ᠤ᠋ᠨ ᠣᠯᠢᠮᠫᠢᠺ ᠢ᠋ ᠡᠷᠬᠢᠯᠡᠨ ᠬᠢᠬᠦ ᠶ᠋ᠢ ᠴᠦ᠍ ᠵᠣᠭᠰᠤᠭᠠᠬᠤ ᠪᠣᠯᠤᠨ᠎ᠠ ᠭᠡᠳᠡᠭ ᠢ ᠲᠤᠩᠬᠠᠭᠯᠠᠭᠠᠷᠠᠢ ᠭᠡᠵᠦ ᠬᠦᠰᠡᠨ ᠱᠠᠭᠠᠷᠳᠠᠵᠤ ᠪᠠᠢᠨ᠎ᠠ᠃
ᠳᠡᠯᠡᠬᠡᠢ ᠶᠢᠨ ᠮᠣᠩᠭᠤᠯᠴᠣᠳ ᠤᠨ ᠬᠣᠯᠪᠤᠭ᠎ᠠ
ᠡᠮᠦᠨᠡᠲᠦ ᠮᠣᠩᠭᠤᠯ ᠤᠨ ᠶᠡᠬᠡ ᠬᠤᠷᠠᠯᠳᠠᠢ
2021 ᠣᠨ ᠦ 2 ᠳ᠋ᠤᠭᠠᠷ ᠰᠠᠷ᠎ᠠ ᠶᠢᠨ 21 ᠦ ᠡᠳᠦᠷ