ᠡᠮᠦᠨᠡᠳᠦ ᠮᠣᠩᠭᠣᠯ ᠦ᠋ᠨ ᠶᠡᠬᠡ ᠬᠤᠷᠠᠯᠲᠠᠢ

ᠡᠮᠦᠨᠡᠳᠦ ᠮᠣᠩᠭᠤᠯ ᠤᠨ ᠲᠡᠮᠡᠴᠡᠭᠴᠢᠳ ᠢ ᠰᠤᠯᠠᠯᠠᠬᠤ ᠶᠢ ᠱᠠᠭᠠᠷᠳᠠᠵᠤ ᠪᠠᠢᠨ᠎ᠠ

ᠥᠨᠦᠳᠦᠷ ᠪᠣᠯ ᠨᠢᠭᠡᠳᠦᠭᠰᠡᠨ ᠦᠨᠳᠦᠰᠦᠲᠡᠨ ᠦ ᠪᠠᠢᠭᠤᠯᠤᠯᠭ᠎ᠠ ᠡᠴᠡ ᠵᠠᠷᠯᠠᠭᠰᠠᠨ ᠣᠯᠠᠨ ᠤᠯᠤᠰ ᠤᠨ ᠱᠣᠷᠤᠩ ᠳᠤ ᠬᠣᠷᠢᠭᠳᠠᠭᠰᠠᠨ᠂ ᠰᠤᠷᠠᠭ ᠦᠭᠡᠢ ᠪᠣᠯᠤᠭᠰᠠᠨ ᠰᠢᠳᠤᠷᠭᠤ ᠲᠡᠮᠡᠴᠡᠭᠴᠢᠳ ᠦᠨ ᠡᠳᠦᠷ ᠪᠢᠯᠡ᠃

ᠡᠮᠦᠨᠡᠳᠦ ᠮᠣᠩᠭᠤᠯᠴᠣᠳ ᠬᠤᠪᠢ ᠵᠠᠶᠠᠭ᠎ᠠ ᠪᠠᠨ ᠥᠪᠡᠷᠰᠡᠳ ᠢᠶᠡᠨ ᠰᠢᠢᠳᠬᠦ ᠡᠷᠡᠮᠡᠯᠵᠡᠯ ᠲᠡᠢ ᠪᠠᠢᠭᠰᠠᠨ ᠪᠣᠯᠪᠠᠴᠤ ᠬᠢᠲᠠᠳ ᠤᠨ ᠺᠣᠮᠮᠦᠨᠢᠰᠲ ᠨᠠᠮ ᠴᠡᠷᠢᠭ ᠦᠨ ᠬᠦᠴᠦ ᠪᠡᠷ ᠲᠦᠷᠢᠮᠡᠬᠡᠢᠯᠡᠵᠦ᠂ 《 ᠡᠷᠬᠢᠨ ᠭᠠᠷᠬᠤ ᠡᠷᠬᠡ ᠲᠡᠢ᠂ ᠲᠡᠭᠰᠢ ᠡᠷᠬᠡ ᠲᠡᠢ᠂ ᠬᠣᠯᠪᠤᠭᠠᠨ ᠤ ᠤᠯᠤᠰ ᠪᠠᠢᠭᠤᠯᠤᠨ᠎ᠠ 》 ᠭᠡᠵᠦ ᠬᠠᠭᠤᠷᠴᠤ ᠮᠡᠬᠡᠯᠡᠵᠦ᠂ ᠦᠪᠡᠷ ᠲᠦ ᠪᠠᠨ ᠨᠢᠭᠡᠳᠬᠡᠭᠰᠡᠨ ᠡᠴᠡ ᠬᠣᠢᠰᠢ ᠺᠣᠯᠣᠨᠢ ᠶᠢᠨ ᠳᠠᠷᠤᠯᠠᠯ ᠣᠯᠠᠨ ᠵᠢᠯ ᠦᠷᠭᠦᠯᠵᠢᠯᠡᠯ᠎ᠡ᠃ ᠤᠤᠭᠠᠯ ᠨᠤᠲᠤᠭ ᠲᠤ ᠪᠠᠨ ᠬᠦᠮᠦᠨ ᠠᠮᠠ ᠶᠢᠨ 20 ᠬᠦᠷᠬᠦ ᠦᠭᠡᠢ ᠬᠤᠪᠢ ᠪᠣᠯᠲᠠᠯ᠎ᠠ ᠪᠠᠨ ᠺᠣᠯᠣᠨᠢᠴᠢᠯᠠᠭᠳᠠᠭᠰᠠᠨ ᠲᠣᠬᠢᠶᠠᠯᠳᠤᠯ ᠳᠡᠯᠡᠬᠡᠢ ᠶᠢᠨ ᠡᠷᠲᠡ ᠡᠳᠦᠭᠡ ᠶᠢᠨ ᠲᠡᠦᠬᠡᠨ ᠳᠦ ᠴᠦ ᠬᠣᠪᠤᠷ ᠶᠤᠮ᠃

ᠣᠯᠠᠨ ᠲᠣᠮᠤ ᠬᠠᠷᠭᠢᠰᠯᠠᠯ ᠢ ᠬᠢᠲᠠᠳ ᠤᠨ ᠺᠣᠮᠮᠦᠨᠢᠰᠲ ᠨᠠᠮ ᠮᠣᠩᠭᠤᠯᠴᠤᠳ ᠤᠨ ᠡᠰᠡᠷᠭᠦ ᠦᠷᠨᠢᠭᠦᠯᠦᠭᠰᠡᠨ ᠶᠤᠮ᠃ ᠰᠣᠶᠤᠯ ᠤᠨ ᠬᠤᠪᠢᠰᠬᠠᠯ ᠤᠨ ᠦᠶ᠎ᠡ ᠪᠡᠷ ᠬᠠᠮᠤᠭ ᠤᠨ ᠶᠡᠬᠡ ᠬᠡᠯᠮᠡᠭᠳᠡᠭᠰᠡᠨ ᠨᠢ ᠡᠮᠦᠨᠡᠳᠦ ᠮᠣᠩᠭᠤᠯ ᠶᠤᠮ᠃

ᠰᠣᠶᠤᠯ   ᠤᠨ ᠬᠤᠪᠢᠰᠬᠠᠯ  ᠠᠴᠠ ᠬᠣᠢᠰᠢ ᠵᠠᠬ᠎ᠠ ᠵᠡᠭᠡᠯᠢ ᠶᠢᠨ ᠳᠠᠯᠪᠠᠭᠠᠨ ᠳᠣᠣᠷ᠎ᠠ ᠡᠮᠦᠨᠡᠳᠦ ᠮᠣᠩᠭᠤᠯ ᠳᠤ ᠰᠢᠨ᠎ᠡ ᠺᠣᠯᠣᠨᠢᠴᠢᠯᠠᠯ ᠢ ᠡᠬᠢᠯᠡᠭᠦᠯᠦᠨ᠂ ᠮᠠᠯᠴᠢᠳ ᠤᠨ ᠨᠤᠲᠤᠭ ᠪᠡᠯᠴᠢᠭᠡᠷ ᠢ ᠪᠤᠯᠢᠶᠠᠵᠤ᠂ ᠠᠮᠢᠳᠤᠷᠠᠬᠤ ᠠᠷᠭ᠎ᠠ ᠦᠭᠡᠢ ᠪᠤᠯᠭᠠᠭᠰᠠᠨ ᠪᠠᠢᠨ᠎ᠠ᠃

ᠡᠮᠦᠨᠡᠳᠦ ᠮᠣᠩᠭᠤᠯ   ᠤᠨ ᠠᠷᠠᠳᠴᠢᠯᠠᠭᠰᠠᠨ ᠬᠣᠯᠪᠤᠭ᠎ᠠ ᠶᠢ ᠪᠠᠢᠭᠤᠯᠤᠭᠰᠠᠨ ᠬᠠᠳᠠ ᠪᠠᠭᠰᠢ ᠶᠢ ᠳᠡᠭᠡᠳᠦ ᠵᠡᠷᠭᠡ ᠪᠡᠷ ᠶᠠᠯᠠᠯᠠᠨ᠂ ᠬᠣᠷᠢᠵᠤ ᠲᠠᠮᠤᠯᠠᠵᠤ᠂ ᠵᠦᠢᠯ ᠪᠦᠷᠢ ᠶᠢᠨ ᠬᠦᠨᠳᠦ ᠡᠪᠡᠳᠴᠢᠨ ᠲᠡᠢ ᠪᠣᠯᠭᠠᠵᠤ᠂ 15 ᠵᠢᠯ ᠤᠨ ᠶᠠᠯ᠎ᠠ ᠨᠢ ᠳᠠᠭᠤᠰᠤᠭᠰᠠᠨ ᠤ ᠳᠠᠷᠠᠭ᠎ᠠ ᠶᠠᠯ᠎ᠠ ᠦᠭᠡᠢ  ᠪᠡᠷ ᠨᠢᠭᠤᠴᠠ ᠱᠣᠷᠤᠩ ᠳᠤ 4 ᠵᠢᠯ ᠬᠣᠷᠢᠵᠤ᠂ ᠲᠡᠭᠦᠨ ᠦ ᠳᠠᠷᠠᠭ᠎ᠠ ᠭᠡᠷ ᠦᠨ ᠬᠣᠷᠢᠭᠠᠨ ᠳᠤ ᠪᠠᠢᠯᠭᠠᠵᠤ ᠪᠠᠢᠨ᠎ᠠ᠃

ᠮᠠᠯᠴᠢᠨ ᠮᠡᠷᠭᠡᠨ ᠢ ᠵᠡᠷᠯᠢᠭ  ᠢᠶᠡᠷ ᠬᠦᠨᠦᠭᠡᠭᠰᠡᠨ   ᠦ ᠳᠠᠷᠠᠭ᠎ᠠ᠂ ᠮᠠᠯᠴᠢᠨ ᠭᠣᠣᠯᠳᠠᠭᠤ ᠣᠯᠠᠨ ᠲᠡᠮᠡᠴᠢᠭᠴᠢᠳ ᠢ ᠬᠣᠷᠢᠭᠰᠠᠨ᠂ ᠵᠠᠷᠢᠮ ᠢ ᠨᠢ ᠰᠤᠷᠠᠭ ᠦᠭᠡᠢ ᠠᠯᠭ᠎ᠠ ᠪᠣᠯᠭᠠᠭᠰᠠᠨ᠃

2017 ᠣᠨ ᠳᠤ ᠢᠩ ᠭᠸ᠂ ᠮᠠᠨ ᠯᠢᠶᠠᠩ᠂ ᠪᠣᠤ ᠭᠦᠦᠨᠢᠶᠠᠩ ᠭᠡᠳᠡᠭ ᠭᠤᠷᠪᠠᠨ ᠡᠮᠡᠭᠲᠡᠢ ᠲᠡᠮᠡᠴᠡᠭᠴᠢ ᠶᠢ ᠬᠣᠷᠢᠭᠰᠠᠨ᠃ ᠲᠡᠷᠡ ᠣᠨ ᠤ ᠡᠴᠦᠰ  ᠢᠶᠡᠷ 35 ᠮᠠᠯᠴᠢᠨ ᠳᠤ 6 ᠰᠠᠷ᠎ᠠ ᠠᠴᠠ 5 ᠵᠢᠯ ᠬᠣᠷᠢᠬᠤ ᠶᠠᠯ᠎ᠠ ᠣᠨᠤᠭᠠᠭᠰᠠᠨ᠃ ᠲᠡᠭᠦᠨ ᠡᠴᠡ ᠬᠣᠢᠰᠢ ᠡᠮᠦᠨᠡᠳᠦ ᠮᠣᠩᠭᠤᠯ ᠳᠤ ᠲᠡᠮᠡᠴᠡᠯ ᠬᠦᠳᠡᠯᠭᠡᠭᠡᠨ ᠢ ᠬᠣᠷᠢᠭᠰᠠᠨ᠃

2020 ᠣᠨ  ᠤ ᠵᠤᠨ ᠮᠣᠩᠭᠤᠯ ᠢᠶᠠᠷ ᠬᠢᠴᠢᠶᠡᠯᠯᠡᠬᠦ ᠶᠢ ᠬᠠᠭᠠᠵᠤ ᠬᠣᠷᠢᠬᠤ ᠪᠣᠯᠣᠭᠰᠠᠨ᠃ ᠲᠡᠭᠦᠨ ᠢ ᠡᠰᠡᠷᠭᠦᠴᠡᠨ ᠡᠮᠦᠨᠡᠳᠦ ᠮᠣᠩᠭᠤᠯ ᠤᠨ 30 ᠲᠦᠮᠡᠨ ᠬᠦᠮᠦᠨ ᠡᠰᠡᠷᠭᠦᠴᠡᠭᠰᠡᠨ᠃ ᠡᠭᠦᠨ  ᠡᠴᠡ 10000 ᠬᠦᠮᠦᠨ  ᠢ ᠪᠠᠷᠢᠪᠴᠢᠯᠠᠨ ᠬᠣᠷᠢᠭᠰᠠᠨ᠃ ᠨᠡᠯᠢᠶᠡᠳ ᠨᠢ ᠣᠳᠣ ᠴᠦ ᠬᠣᠷᠢᠭᠳᠠᠵᠤ ᠪᠠᠢᠨ᠎ᠠ᠃

ᠬᠣᠶᠠᠷ ᠮᠢᠩᠭ᠎ᠠ ᠠᠷᠪᠠᠭᠠᠳ ᠣᠨ ᠳᠤ᠂ ᠡᠮᠦᠨᠡᠳᠦ ᠮᠣᠩᠭᠤᠯᠴᠤᠳ ᠤᠨ ᠲᠡᠮᠡᠴᠡᠯ ᠢ ᠮᠠᠯᠴᠢᠨ ᠲᠡᠮᠡᠴᠡᠭᠴᠢ ᠶᠠᠩᠵᠢᠨᠳᠤᠯᠮ᠎ᠠ ᠣᠷᠤᠢᠯᠠᠨ ᠮᠠᠩᠯᠠᠢᠯᠠᠵᠤ ᠪᠠᠢᠭᠰᠠᠨ ᠪᠢᠯᠡ᠃ 2017 ᠣᠨ  ᠤ ᠰᠡᠭᠦᠯ ᠡᠴᠡ ᠲᠡᠭᠦᠨ ᠢ ᠭᠡᠷ ᠦᠨ ᠬᠣᠷᠢᠭᠠᠨ ᠳᠤ ᠣᠷᠤᠭᠤᠯᠤᠭᠰᠠᠨ ᠪᠠᠢᠨ᠎ᠠ᠃ 2020 ᠣᠨ ᠤ ᠨᠠᠮᠤᠷ ᠮᠣᠩᠭᠤᠯ ᠬᠡᠯᠡ ᠪᠢᠴᠢᠭ ᠦᠨ ᠢᠶᠡᠨ ᠲᠥᠯᠦᠭᠡ ᠤᠷᠢᠶᠠᠯᠠᠭᠰᠠᠨ ᠤ ᠬᠢᠨᠢ ᠲᠥᠯᠦᠭᠡ ᠶᠠᠩᠵᠢᠨᠳᠤᠯᠮ᠎ᠠ ᠶᠢ ᠱᠣᠷᠤᠩ ᠳᠤ ᠬᠣᠷᠢᠭᠰᠠᠨ ᠪᠠᠢᠨ᠎ᠠ᠃ ᠣᠳᠤ ᠶᠠᠩᠵᠢᠨᠳᠤᠯᠮ᠎ᠠ ᠰᠢᠯᠢ ᠶᠢᠨ ᠭᠣᠣᠯ ᠠᠢᠮᠠᠭ ᠤᠨ ᠱᠣᠷᠤᠩ ᠳᠤ ᠰᠢᠯᠭᠠᠭᠳᠠᠵᠤ᠂ ᠬᠣᠷᠢᠭᠳᠠᠨ ᠵᠣᠪᠠᠵᠤ ᠪᠠᠢᠨ᠎ᠠ᠃ ᠶᠠᠩᠵᠢᠨᠳᠤᠯᠮ᠎ᠠ ᠪᠣᠯ ᠦᠪᠦᠷ ᠮᠣᠩᠭᠤᠯ ᠤᠨ ᠨᠸᠯᠰᠥᠨ ᠮᠠᠨᠳᠡᠯᠠ ᠮᠦᠨ ᠪᠢᠯᠡ᠃

◆ ᠥᠨᠦᠳᠦᠷ ᠱᠣᠷᠤᠩ ᠳᠤ ᠬᠣᠷᠢᠭᠳᠠᠵᠤ ᠪᠠᠢᠭ᠎ᠠ ᠶᠠᠩᠵᠢᠨᠳᠤᠯᠮ᠎ᠠ ᠪᠣᠯᠤᠨ ᠪᠣᠰᠤᠳ ᠲᠡᠮᠡᠴᠡᠭᠴᠢᠳ   ᠢ ᠰᠤᠯᠠᠯᠠ᠂ ᠭᠡᠷ ᠦᠨ ᠬᠣᠷᠢᠭ᠎ᠠ ᠶᠢ ᠵᠣᠭᠰᠣᠭ᠎ᠠ ᠭᠡᠵᠦ ᠪᠢᠳᠡ ᠱᠠᠭᠠᠷᠳᠠᠵᠤ ᠪᠠᠢᠨ᠎ᠠ᠃

◆ ᠡᠮᠦᠨᠡᠳᠦ ᠮᠣᠩᠭᠤᠯ  ᠳᠠᠬᠢ ᠺᠣᠯᠣᠨᠢ ᠶᠢᠨ ᠳᠠᠷᠤᠯᠠᠯ ᠮᠥᠯᠵᠢᠯᠭᠡ ᠪᠡᠨ ᠵᠣᠭᠰᠤᠭᠠᠬᠤ ᠶᠢ ᠪᠢᠳᠡ ᠱᠠᠭᠠᠷᠳᠠᠵᠤ ᠪᠠᠢᠨ᠎ᠠ᠃

◆ ᠲᠠᠶᠠᠩ ᠳᠡᠯᠡᠬᠡᠢ ᠶᠢᠨ ᠰᠢᠳᠤᠷᠭᠤ ᠪᠦᠬᠦᠨ ᠳᠦ ᠡᠮᠦᠨᠡᠳᠦ ᠮᠣᠩᠭᠤᠯᠴᠤᠳ ᠤᠨ ᠲᠥᠯᠦᠭᠡ ᠪᠣᠯᠤᠨ ᠪᠡᠭᠡᠵᠢᠩ ᠦᠨ 2022 ᠣᠨ ᠤ ᠣᠯᠢᠮᠫᠢᠺ ᠤᠨ ᠤᠷᠤᠯᠳᠤᠭᠠᠨ ᠢ ᠪᠣᠢᠺᠣᠳᠯᠠᠬᠤ( ᠣᠷᠣᠯᠴᠠᠬᠤ ᠠᠴᠠ ᠲᠠᠳᠠᠭᠠᠯᠵᠠᠬᠤ )ᠢ ᠪᠢᠳᠡ ᠤᠷᠢᠶᠠᠯᠠᠵᠤ ᠪᠠᠢᠨ᠎ᠠ᠃

ᠡᠮᠦᠨᠡᠳᠦ ᠮᠣᠩᠭᠤᠯ ᠤᠨ ᠶᠡᠬᠡ ᠬᠤᠷᠠᠯᠳᠠᠢ

2021᠂ 3᠂ 25

info@southmongolia.org