ᠢᠯᠡ ᠵᠠᠬᠢᠳᠠᠯ
ᠡᠷᠬᠢᠮ ᠬᠤᠷᠠᠯ ᠤ᠋ᠨ ᠭᠡᠰᠢᠭᠦᠳ ᠲᠦ᠍ ᠲᠦᠮᠡᠨ ᠠᠮᠤᠭᠤᠯᠠᠩ ᠠᠢᠯᠠᠳᠭᠠᠶᠠ᠃
ᠡᠮᠦᠨᠡᠳᠦ ᠮᠣᠩᠭᠤᠯ ᠦ᠋ᠨ ᠶᠡᠬᠡ ᠬᠤᠷᠠᠯᠳᠠᠢ ᠶ᠋ᠢᠨ ᠵᠢᠷᠤᠮ ᠦ᠋ᠨ ᠨᠥᠬᠦᠳ ᠪᠢᠳᠡ ᠲᠠ ᠪᠦᠬᠦᠨ ᠦ᠌ ᠪᠠᠲᠤᠯᠠᠭᠰᠠᠨ ᠰᠢᠶᠠᠩᠭᠠᠩ ᠦ᠋ᠨ ᠠᠷᠠᠳᠴᠢᠯᠠᠯ᠂ ᠬᠥᠮᠦᠨ ᠦ᠌ ᠡᠷᠬᠡ ᠶ᠋ᠢᠨ ᠲᠤᠬᠠᠢ ᠬᠠᠤᠯᠢ᠂ ᠬᠢᠲᠠᠳ ᠲᠠᠬᠢ ᠤᠢᠭᠤᠷᠴᠤᠳ ᠢ᠋ ᠬᠠᠮᠠᠭᠠᠯᠠᠬᠤ ᠲᠤᠬᠠᠢ ᠬᠠᠤᠯᠢ᠂ ᠮᠥᠨ ᠠᠮᠧᠷᠢᠺᠠ ᠢᠨ ᠨᠢᠭᠡᠳᠦᠭᠰᠡᠨ ᠤᠯᠤᠰ ᠦ᠋ᠨ ᠣᠷᠤᠨ ᠨᠤᠲᠤᠭ ᠦ᠋ᠨ ᠲᠥᠯᠦᠭᠡᠯᠡᠭᠴᠢᠳ ᠤᠢᠭᠤᠷ ᠦ᠋ᠨ ᠠᠺᠲ ᠢ᠋ ᠲᠤᠢᠯ ᠦ᠋ᠨ ᠶᠡᠬᠡ ᠲᠠᠯᠠᠷᠬᠠᠨ ᠳᠡᠮᠵᠢᠵᠦ᠂ ᠰᠡᠳᠭᠢᠯ ᠬᠥᠲᠦᠯᠦᠨ ᠬᠦᠯᠢᠶᠡᠵᠦ ᠠᠪᠤᠯ᠎ᠠ᠃ ᠡᠨᠡ ᠨᠢ ᠬᠢᠲᠠᠳ ᠦ᠋ᠨ ᠹᠠᠱᠢᠰᠮ᠂ ᠺᠣᠯᠣᠨᠢᠴᠢᠯᠠᠯ ᠳ᠋ᠤ᠌ ᠡᠷᠡᠰ ᠰᠢᠢᠳᠮᠡᠭᠡᠢ ᠴᠣᠬᠢᠯᠲᠠ ᠪᠣᠯᠵᠤ᠂ ᠳᠠᠶᠠᠩ ᠳᠡᠯᠡᠬᠡᠢ ᠳ᠋ᠦ᠍ ᠠᠶᠤᠯ ᠤᠴᠠᠷᠠᠭᠤᠯᠵᠤ ᠪᠠᠢᠭ᠎ᠠ ᠪᠡᠭᠡᠵᠢᠩ ᠦ᠋ᠨ ᠵᠠᠩᠵᠤᠯᠠᠨ ᠨᠣᠶᠠᠯᠠᠬᠤ᠂ ᠲᠦᠷᠢᠮᠡᠭᠡᠢᠯᠡᠨ ᠲᠡᠯᠡᠬᠦ ᠦᠵᠡᠯ ᠦ᠋ᠨ ᠡᠰᠡᠷᠡᠭ ᠰᠢᠳᠤᠷᠭᠤ ᠬᠥᠮᠦᠨ ᠲᠥᠷᠦᠯᠬᠢᠲᠡᠨ ᠡᠪ ᠰᠠᠨᠠᠭ᠎ᠠ ᠪᠠᠨ ᠨᠢᠭᠡᠳᠭᠡᠨ᠂ ᠮᠥᠷ ᠵᠡᠷᠭᠡᠴᠡᠨ᠂ ᠬᠦᠴᠦ ᠪᠡᠨ ᠨᠡᠢᠯᠡᠭᠦᠯᠦᠨ ᠲᠡᠮᠡᠴᠡᠬᠦ ᠢᠯᠠᠬᠤ ᠶ᠋ᠢᠨ ᠤᠷᠢᠶ᠎ᠠ ᠪᠣᠯᠤᠯ᠎ᠠ᠃
ᠡᠮᠦᠨᠡᠳᠦ ᠮᠣᠩᠭᠤᠯ ᠤ᠋ᠨ ᠶᠡᠬᠡ ᠬᠤᠷᠠᠯᠳᠠᠢ ᠪᠣᠯ ᠪᠦᠭᠦᠳᠡ ᠨᠠᠢᠷᠠᠮᠳᠠᠬᠤ ᠬᠢᠲᠠᠳ ᠠᠷᠠᠳ ᠤᠯᠤᠰ ᠲᠠᠬᠢ ᠤᠤᠭᠠᠯ ᠮᠣᠩᠭᠤᠯᠴᠤᠳ ᠤ᠋ᠨ ᠡᠷᠬᠡ ᠠᠰᠢᠭ ᠢ᠋ ᠬᠠᠮᠠᠭᠠᠯᠠᠬᠤ ᠵᠣᠷᠢᠯᠭ᠎ᠠ ᠲᠠᠢ ᠪᠠᠷ 2016 ᠣᠨ ᠳ᠋ᠤ᠌ ᠡᠮᠦᠨᠡᠳᠦ ᠮᠣᠩᠭᠤᠯᠴᠤᠳ ᠤ᠋ᠨ ᠶᠠᠩᠵᠤ ᠪᠦᠷᠢ ᠶ᠋ᠢᠨ ᠨᠠᠮ ᠬᠣᠯᠪᠤᠭ᠎ᠠ ᠡᠪᠯᠡᠯᠳᠦᠨ ᠨᠢᠭᠡᠳᠴᠦ᠂ ᠶᠠᠫᠤᠨ ᠤᠯᠤᠰ ᠤ᠋ᠨ ᠲᠤᠤᠺᠢᠣ᠋ ᠬᠣᠲᠠ ᠳ᠋ᠤ᠌ ᠡᠭᠦᠰᠭᠡᠨ ᠪᠠᠢᠭᠤᠯᠤᠭᠰᠠᠨ ᠲᠥᠷᠦ ᠶ᠋ᠢᠨ ᠪᠤᠰᠤ ᠪᠠᠢᠭᠤᠯᠭ᠎ᠠ ᠪᠢᠯᠡ᠃
ᠡᠮᠦᠨᠡᠳᠦ ᠮᠣᠩᠭᠤᠯ ᠪᠤᠶᠤ ᠪᠦᠭᠦᠳᠡ ᠨᠠᠢᠷᠠᠮᠳᠠᠬᠤ ᠬᠢᠲᠠᠳ ᠠᠷᠠᠳ ᠤᠯᠤᠰ ᠲᠠᠬᠢ ᠤᠤᠭᠠᠯ ᠮᠣᠩᠭᠤᠯᠴᠤᠳ ᠨᠢ ᠲᠤᠰ ᠤᠯᠤᠰ ᠤ᠋ᠨ ᠬᠠᠮᠤᠭ ᠤ᠋ᠨ ᠶᠡᠬᠡ ᠺᠣᠯᠣᠨᠢᠴᠢᠯᠠᠭᠳᠠᠵᠤ ᠵᠣᠪᠠᠭᠰᠠᠨ ᠴᠥᠭᠡᠩᠬᠢ ᠠᠷᠠᠳ ᠲᠦᠮᠡᠨ ᠨᠦ᠍ᠭᠦᠳ ᠦ᠋ᠨ ᠨᠢᠭᠡ ᠶᠦ᠍ᠮ᠃
ᠮᠣᠩᠭᠣᠯᠴᠤᠳ ᠪᠢᠳᠡᠨ ᠦ᠌ ᠡᠪᠤᠭᠡ ᠳᠡᠭᠡᠳᠦᠰ ᠬᠡᠵᠢᠶ᠎ᠡ ᠴᠦ᠍ ᠬᠢᠲᠠᠳ ᠤᠯᠤᠰ ᠤ᠋ᠨ ᠬᠠᠷᠢᠶᠠᠨ ᠳ᠋ᠤ᠌ ᠪᠠᠢᠭ᠎ᠠ ᠦᠭᠡᠢ ᠪᠠᠢᠭᠰᠠᠭᠠᠷ᠂ ᠤᠯᠠᠮ ᠢ᠋ᠶ᠋ᠠᠷ 1911.12.29 ᠳ᠋ᠦ᠍ ᠡᠠᠷᠤ ᠥᠪᠦᠷ ᠮᠣᠩᠭᠤᠯ ᠡᠬᠡ ᠣᠷᠤᠨᠴᠢᠳ ᠮᠣᠩᠭᠤᠯ ᠤᠯᠤᠰ ᠤ᠋ᠨ ᠲᠤᠰᠠᠭᠠᠷ ᠲᠣᠭᠲᠠᠨᠢᠯ ᠢ᠋ ᠲᠤᠩᠬᠠᠭᠯᠠᠨ ᠵᠠᠷᠯᠠᠭᠰᠠᠨ᠃ 1922 ᠣᠨ ᠳ᠋ᠤ᠌ ᠮᠠᠨᠵᠤ ᠴᠢᠩ ᠤᠯᠤᠰ ᠠ᠋ᠴᠠ ᠲᠤᠰᠠᠭᠠᠷᠯᠠᠭᠰᠠᠨ ᠲᠣᠮᠳᠠᠳᠤ ᠢᠷᠭᠡᠨ ᠤᠯᠤᠰ ᠮᠣᠩᠭᠤᠯᠴᠤᠳ ᠤ᠋ᠨ ᠪᠠᠢᠭᠤᠯᠤᠭᠰᠠᠨ ᠶᠤᠸᠠᠨ ᠬᠦᠷᠢᠨ᠂ ᠮᠠᠨᠵᠤ ᠪᠣᠯᠤᠨ ᠮᠣᠩᠭᠤᠯᠴᠤᠳ ᠤ᠋ᠨ ᠬᠠᠮᠲᠤᠷᠠᠨ ᠪᠠᠢᠭᠤᠯᠤᠭᠰᠠᠨ ᠴᠢᠩ ᠭᠦᠷᠦᠨ ᠦ᠌ ᠲᠡᠤᠬᠡ ᠶ᠋ᠢ ᠭᠤᠢᠪᠢᠭᠤᠯᠤᠨ᠂ ᠮᠣᠩᠭᠤᠯᠴᠤᠳ ᠤ᠋ᠨ ᠨᠤᠲᠤᠭ ᠳᠡᠪᠢᠰᠭᠡᠷ ᠢ᠋ ᠥᠪᠡᠷᠰᠡᠳ ᠦ᠋ᠨ ᠮᠡᠳᠡᠯ ᠳ᠋ᠦ᠍ ᠪᠠᠢᠬᠤ ᠶᠣᠰᠤᠲᠠᠢ ᠮᠡᠲᠦ ᠪᠡᠷ ᠮᠡᠳᠡᠭᠳᠡᠵᠦ᠂ ᠤᠯᠠᠮ ᠢ᠋ᠶ᠋ᠠᠷ ᠥᠪᠦᠷ ᠮᠣᠩᠭᠤᠯ ᠢ᠋ ᠴᠡᠷᠢᠭ ᠦ᠋ᠨ ᠬᠦᠴᠦ ᠪᠡᠷ ᠲᠦᠷᠢᠮᠡᠭᠡᠢᠯᠡᠨ ᠡᠵᠡᠯᠡᠭᠰᠡᠨ᠃
ᠳᠡᠯᠡᠬᠡᠢ ᠶ᠋ᠢᠨ ᠬᠣᠶᠠᠳᠤᠭᠠᠷ ᠲᠠᠢᠨ ᠤ᠋ ᠲᠠᠷᠠᠭ᠎ᠠ ᠥᠪᠦᠷ ᠮᠣᠩᠭᠤᠯᠴᠤᠳ ᠪᠦᠭᠦᠳᠡ ᠨᠠᠢᠷᠠᠮᠳᠠᠬᠤ ᠮᠣᠩᠭᠤᠯ ᠤᠯᠤᠰ ᠲᠠᠢ ᠨᠢᠭᠡᠳᠬᠦ ᠬᠦᠰᠡᠯ ᠡᠷᠡᠮᠡᠯᠵᠡᠯ ᠲᠡᠢ ᠪᠠᠢᠭᠰᠠᠨ ᠴᠤ᠌ ᠪᠦᠲᠦᠭᠰᠡᠨ ᠦᠭᠡᠢ᠃ 1949 ᠣᠨ ᠳ᠋ᠤ᠌ ᠪᠠᠢᠭᠤᠯᠤᠭᠳᠠᠭᠰᠠᠨ ᠪᠦᠭᠦᠳᠡ ᠨᠠᠢᠷᠠᠮᠳᠠᠬᠤ ᠬᠢᠲᠠᠳ ᠠᠷᠠᠳ ᠤᠯᠤᠰ ᠲᠡᠭᠰᠢ ᠪᠦᠷᠢᠨ ᠡᠷᠬᠡᠲᠦ ᠬᠣᠯᠪᠤᠭᠠᠨ ᠤ᠋ ᠤᠯᠤᠰ ᠪᠠᠢᠭᠤᠯᠤᠨ᠎ᠠ ᠭᠡᠵᠦ ᠬᠠᠭᠤᠷᠠᠨ ᠮᠡᠬᠡᠯᠡᠵᠦ᠂ ᠥᠪᠦᠷ ᠮᠣᠩᠭᠤᠯ ᠢ᠋ ᠬᠠᠷᠢᠶᠠᠨ ᠳ᠋ᠠᠭᠠᠨ ᠣᠷᠤᠭᠤᠯᠤᠭᠰᠠᠨ᠃ ᠡᠭᠦᠨ ᠦ᠌ ᠳᠠᠷᠠᠭ᠎ᠠ ᠥᠪᠦᠷ ᠮᠣᠩᠭᠤᠯᠴᠤᠳ ᠢ᠋ ᠲᠠᠢᠨ ᠳᠠᠵᠢᠨ ᠳ᠋ᠤ᠌ ᠲᠠᠢᠴᠢᠯᠠᠵᠤ᠂ ᠪᠡᠯᠴᠢᠭᠡᠷ ᠨᠤᠲᠤᠭ ᠢ᠋ ᠰᠢᠨᠡᠯᠡᠨ᠎ᠡ᠂ ᠪᠠᠷᠠᠭᠤᠨᠲᠠᠨ ᠲᠠᠢ ᠲᠡᠮᠡᠴᠡᠨ᠎ᠡ᠂ ᠹᠸᠣᠳᠠᠯ ᠲᠠᠢ ᠲᠡᠮᠡᠴᠡᠨ᠎ᠡ᠂ ᠱᠠᠰᠢᠨ ᠲᠠᠢ ᠲᠡᠮᠡᠴᠡᠨ᠎ᠡ᠂ ᠵᠠᠰᠠᠪᠤᠷᠢᠯᠠᠬᠤ ᠦᠵᠡᠯ ᠲᠡᠢ ᠲᠡᠮᠡᠴᠡᠨ᠎ᠡ ᠭᠡᠬᠦᠴᠢᠯᠡᠨ ᠲᠠᠬᠢᠨ ᠲᠠᠬᠢᠨ ᠬᠠᠷᠭᠢᠰᠯᠠᠨ ᠬᠡᠯᠮᠡᠭᠳᠡᠭᠦᠯᠦᠭᠰᠡᠨ᠃
1966 ᠣᠨ ᠳ᠋ᠤ᠌ ᠥᠪᠦᠷ ᠮᠣᠩᠭᠤᠯ ᠳ᠋ᠤ᠌ ᠰᠣᠶᠤᠯ ᠤ᠋ᠨ ᠬᠤᠪᠢᠰᠭᠠᠯ ᠤ᠋ᠨ ᠵᠡᠷᠭᠡᠴᠡᠭᠡ ᠪᠡᠷ᠂ 《 ᠥᠪᠦᠷ ᠠᠷᠠᠳ ᠤ᠋ᠨ ᠨᠠᠮ ᠢ᠋ ᠮᠠᠯᠲᠠᠬᠤ ᠬᠥᠳᠡᠯᠭᠡᠭᠡᠨ 》 ᠨᠡᠷ᠎ᠡ ᠲᠡᠢ ᠮᠣᠩᠭᠤᠯ ᠦᠨᠳᠦᠰᠦᠲᠡᠨ ᠦ᠌ ᠡᠰᠡᠷᠡᠭ ᠬᠠᠷᠭᠢᠰᠯᠠᠨ ᠬᠡᠯᠮᠡᠭᠳᠡᠭᠦᠯᠦᠯᠲᠡ ᠭᠠᠷᠴᠤ᠂ ᠤᠤᠭᠠᠯ ᠮᠣᠩᠭᠤᠯᠴᠤᠳ ᠢ᠋ ᠪᠣᠯᠤᠨ᠂ ᠰᠣᠶᠤᠯ ᠢᠷᠭᠡᠨᠰᠢᠯ᠂ ᠠᠵᠤ ᠠᠬᠤᠢ ᠳ᠋ᠤ᠌ ᠨᠢ ᠠᠢᠮᠰᠢᠭᠲᠠᠢ ᠪᠠᠷ ᠤᠰᠠᠳᠭᠠᠬᠤ ᠪᠣᠳᠤᠯᠭ᠎ᠠ ᠲᠠᠢ ᠥᠷᠭᠡᠨ ᠬᠡᠮᠵᠢᠶ᠎ᠡ ᠲᠡᠢ ᠠᠵᠢᠯ ᠵᠣᠬᠢᠶᠠᠨ ᠪᠠᠢᠭᠤᠯᠤᠭᠰᠠᠨ ᠪᠣᠯᠤᠨ᠎ᠠ᠃ ᠪᠦᠭᠦᠳᠡ ᠨᠠᠢᠷᠠᠮᠳᠠᠬᠤ ᠬᠢᠲᠠᠳ ᠠᠷᠠᠳ ᠤᠯᠤᠰ ᠤ᠋ᠨ ᠲᠦᠷᠦ ᠡᠴᠡ 27 900 ᠡᠮᠦᠨᠡᠳᠦ ᠮᠣᠩᠭᠤᠯ ᠬᠥᠮᠦᠨ ᠲᠡᠷᠡ ᠬᠦ᠌ ᠬᠣᠮᠤᠷᠭᠠᠯᠠᠨ ᠬᠢᠳᠤᠬᠤ ᠦᠶ᠎ᠡ ᠪᠡᠷ ᠠᠯᠠᠭᠳᠠᠭᠰᠠᠨ ᠭᠡᠵᠦ ᠮᠡᠳᠡᠭᠡᠯᠡᠳᠡᠭ᠃ ᠭᠡᠬᠦ ᠳ᠋ᠡᠭᠡᠨ ᠪᠠᠷᠢᠪᠴᠢᠯᠠᠭᠳᠠᠭᠰᠠᠨ ᠮᠣᠩᠭᠤᠯ ᠬᠥᠮᠦᠨ 500 000᠂ ᠡᠳᠡ ᠲᠤᠮᠳᠠ ᠠ᠋ᠴᠠ ᠬᠠᠷᠭᠢᠰᠯᠠᠯ ᠤ᠋ᠨ ᠦᠶ᠎ᠡ ᠪᠡᠷ ᠪᠣᠯᠤᠨ᠂ ᠦᠷ᠎ᠡ ᠲᠠᠭᠠᠪᠤᠷᠢ ᠠ᠋ᠴᠠ ᠨᠢ ᠰᠢᠭᠤᠳ ᠰᠢᠯᠲᠠᠭᠠᠯᠠᠨ ᠮᠠᠰᠢ ᠣᠯᠤᠨ ᠢ᠋ᠶ᠋ᠠᠷ ᠠᠮᠢ ᠪᠠᠨ ᠠᠯᠳᠠᠭᠰᠠᠨ᠂ ᠪᠠᠷᠢᠪᠴᠢᠯᠠᠭᠳᠠᠭᠰᠠᠨ ᠦᠭᠡᠢ ᠬᠥᠮᠦᠰ ᠦ᠋ᠨ ᠲᠤᠮᠳᠠ ᠨᠢ ᠴᠤ᠌ ᠠᠮᠢ ᠡᠷᠡᠰᠳᠡᠭᠰᠡᠳ ᠣᠯᠠᠨ᠂ 100 000 ᠳᠠᠪᠠᠨ᠎ᠠ ᠭᠡᠬᠦ ᠰᠤᠳᠤᠯᠤᠭᠠᠴᠢᠳ ᠪᠤᠢ᠃ ᠡᠨᠡᠬᠦ ᠡᠮᠦᠨᠡᠳᠦ ᠮᠣᠩᠭᠤᠯ ᠤ᠋ᠨ ᠡᠰᠡᠷᠡᠭ ᠦᠨᠳᠦᠰᠦᠲᠡᠨ ᠢ᠋ ᠬᠣᠮᠤᠷᠭᠠᠯᠠᠨ ᠤᠰᠠᠳᠭᠠᠬᠤ ᠭᠡᠮᠲᠦ ᠬᠡᠷᠡᠭ ᠢ᠋ ᠡᠮᠦᠨᠡᠳᠦ ᠮᠣᠩᠭᠤᠯ ᠤ᠋ᠨ ᠶᠡᠬᠡ ᠬᠤᠷᠠᠯᠳᠠᠢ ᠶᠦᠨᠧᠰᠺᠦ 《 ᠳᠡᠯᠡᠬᠡᠢ ᠶ᠋ᠢᠨ ᠳᠤᠷᠠᠰᠤᠮᠵᠢ 》 ᠬᠥᠲᠦᠯᠪᠦᠷᠢ ᠳ᠋ᠦ᠍ ᠪᠦᠷᠢᠳᠭᠡᠭᠦᠯᠬᠦ ᠰᠠᠨᠠᠭᠠᠴᠢᠯᠠᠭ᠎ᠠ ᠭᠠᠷᠭᠠᠨ ᠠᠵᠢᠯᠯᠠᠵᠤ ᠪᠠᠢᠨ᠎ᠠ᠃
ᠡᠮᠦᠨᠡᠳᠦ ᠮᠣᠩᠭᠤᠯᠴᠤᠳ ᠢ᠋ ᠲᠠᠷᠯᠠᠬᠤ ᠠᠭᠤᠰᠭᠠᠬᠤ ᠨᠢ ᠦᠷᠭᠦᠯᠵᠢᠯᠡᠭᠰᠡᠭᠡᠷ ᠥᠩᠭᠡᠷᠡᠭᠰᠡᠨ ᠵᠠᠭᠤᠨ ᠤ᠋ 80 ᠣᠨ ᠪᠣᠯᠪᠠ᠃ ᠥᠪᠦᠷ ᠮᠣᠩᠭᠤᠯ ᠳ᠋ᠤ᠌ ᠣᠯᠠᠨ ᠬᠢᠲᠠᠳ ᠢᠷᠭᠡᠨ ᠢ᠋ ᠰᠢᠯᠵᠢᠭᠦᠯᠦᠨ ᠰᠠᠭᠤᠷᠢᠰᠢᠭᠤᠯᠬᠤ ᠵᠠᠰᠠᠭ ᠤ᠋ᠨ ᠭᠠᠵᠠᠷ ᠤ᠋ᠨ ᠰᠢᠢᠳᠪᠦᠷᠢ ᠭᠠᠷᠭᠠᠬᠤ ᠳ᠋ᠤ᠌ ᠳᠤᠷ᠎ᠠ ᠦᠭᠡᠢᠴᠡᠭᠰᠡᠨ ᠥᠪᠦᠷ ᠮᠣᠩᠭᠤᠯ ᠵᠠᠯᠠᠭᠤᠰ 1981 ᠣᠨ ᠳ᠋ᠤ᠌ ᠰᠤᠷᠤᠭᠴᠢ ᠶ᠋ᠢᠨ ᠬᠥᠳᠡᠯᠭᠡᠭᠡᠨ ᠭᠠᠷᠭᠠᠨ ᠲᠡᠮᠡᠴᠡᠯᠡ᠃ ᠦᠷ᠎ᠡ ᠳ᠋ᠦᠩ ᠨᠢ ᠲᠡᠷᠡ ᠬᠦ᠌ ᠰᠢᠢᠳᠪᠦᠷᠢ ᠶ᠋ᠢ ᠴᠤᠴᠠᠯᠤᠭᠰᠠᠨ ᠴᠤ᠌᠂ ᠤᠯᠤᠰ ᠳᠦᠷᠦ ᠶ᠋ᠢᠨ ᠬᠡᠯᠮᠡᠭᠳᠡᠭᠦᠯᠦᠯᠲᠡ ᠥᠷᠨᠢᠭᠦᠯᠦᠭᠰᠡᠨ᠃
ᠲᠡᠭᠦᠨ ᠡᠴᠡ ᠬᠣᠢᠰᠢ ᠤᠯᠤᠰ ᠳᠦᠷᠦ ᠶ᠋ᠢᠨ ᠬᠤᠪᠢ ᠳ᠋ᠤ᠌ ᠬᠠᠷᠭᠢᠰ ᠬᠠᠲᠠᠭᠤ ᠪᠣᠳᠤᠯᠭ᠎ᠠ ᠶᠠᠪᠤᠭᠤᠯᠤᠨ ᠭᠡᠯᠮᠡᠭᠳᠡᠭᠦᠯᠬᠦ ᠶ᠋ᠢᠨ ᠰᠠᠴᠠᠭᠤ᠂ ᠺᠣᠯᠣᠨᠢᠴᠢᠯᠠᠬᠤ ᠪᠣᠳᠤᠯᠭ᠎ᠠ ᠪᠠᠨ ᠲᠠᠭᠤᠰᠢᠲᠠᠢ ᠦᠷᠭᠦᠯᠵᠢᠯᠡᠭᠦᠯᠦᠭᠰᠡᠭᠡᠷ ᠂ ᠬᠢᠲᠠᠳ ᠢᠷᠭᠡᠳ ᠢ᠋ ᠣᠯᠠᠨ ᠢ᠋ᠶ᠋ᠠᠷ ᠰᠠᠭᠤᠷᠢᠰᠢᠭᠤᠯᠤᠭᠰᠠᠭᠠᠷ᠂ ᠠᠰᠢᠭᠲᠤ ᠮᠠᠯᠲᠠᠮᠠᠯ ᠂ ᠪᠠᠢᠭᠠᠯᠢ ᠶ᠋ᠢᠨ ᠪᠠᠶᠠᠯᠢᠭ ᠢ᠋ ᠴᠥᠯᠮᠦᠨ ᠲᠡᠭᠡᠷᠡᠮᠳᠡᠭᠰᠡᠭᠡᠷ᠂ ᠮᠣᠩᠭᠤᠯ ᠬᠡᠯᠡ ᠰᠣᠶᠤᠯ ᠢ᠋ ᠢᠯᠭᠠᠪᠤᠷᠢᠯᠠᠨ ᠭᠠᠳᠠᠭᠤᠷᠬᠠᠬᠤ᠂ ᠮᠣᠩᠭᠤᠯᠴᠤᠳ ᠢ᠋ ᠠᠭᠤᠰᠭᠠᠬᠤ ᠦᠢᠯᠡ ᠠᠵᠢᠯᠯᠠᠭ᠎ᠠ ᠶᠠᠪᠤᠭᠤᠯᠤᠭᠰᠠᠭᠠᠷ ᠢᠷᠡᠯ᠎ᠡ᠃
ᠡᠨᠡ ᠪᠦᠬᠦᠨ ᠨᠢ ᠮᠣᠩᠭᠤᠯᠴᠤᠳ ᠤ᠋ᠨ ᠡᠰᠡᠷᠭᠦᠴᠡᠯ ᠲᠡᠮᠡᠴᠡᠯ ᠢ᠋ ᠲᠥᠷᠦᠭᠦᠯᠦᠭᠰᠡᠭᠡᠷ ᠢᠷᠡᠭᠰᠡᠨ᠃ 1992 ᠣᠨ ᠳ᠋ᠤ᠌ ᠮᠣᠩᠭᠤᠯ ᠨᠣᠮ ᠤ᠋ᠨ ᠳᠡᠯᠭᠡᠭᠦᠷ ᠠᠵᠢᠯᠯᠠᠭᠤᠯᠳᠠᠭ ᠬᠠᠳᠠ ᠥᠪᠦᠷ ᠮᠣᠩᠭᠤᠯ ᠤ᠋ᠨ ᠠᠷᠠᠳᠴᠢᠯᠠᠭᠰᠠᠨ ᠬᠣᠯᠪᠤᠭ᠎ᠠ ᠪᠠᠢᠭᠤᠯᠵᠤ᠂ ᠡᠰᠡᠷᠭᠦᠴᠡᠯ ᠦ᠋ᠨ ᠴᠤᠭᠯᠠᠭᠠᠨ ᠵᠣᠬᠢᠶᠠᠨ ᠪᠠᠢᠭᠤᠯᠤᠭᠰᠠᠨ ᠢ᠋ᠶ᠋ᠠᠷ 15 ᠵᠢᠯ ᠢᠨ ᠶᠠᠯ᠎ᠠ ᠠᠪᠴᠤ ᠴᠢᠩᠭ᠎ᠠ ᠨᠥᠬᠦᠴᠡᠯ ᠳ᠋ᠦ᠍᠂ 4 ᠵᠢᠯ ᠶᠠᠯ᠎ᠠ ᠦᠭᠡᠢ ᠪᠡᠷ ᠨᠢᠭᠤᠴᠠ ᠱᠣᠷᠤᠩ ᠳ᠋ᠤ᠌ ᠬᠣᠷᠢᠭᠳᠠᠵᠤ᠂ ᠲᠡᠭᠦᠨ ᠡᠴᠡ ᠬᠣᠢᠰᠢ ᠭᠡᠷ ᠦ᠋ᠨ ᠬᠣᠷᠢᠭᠠᠨ ᠳ᠋ᠤ᠌ ᠪᠠᠢᠨ᠎ᠠ᠃
2011 ᠣᠨ ᠳ᠋ᠤ᠌ ᠮᠠᠯᠴᠢᠨ ᠲᠡᠮᠡᠴᠡᠭᠴᠢ ᠮᠡᠷᠭᠡᠨ ᠪᠡᠯᠴᠢᠭᠡᠷ ᠨᠤᠲᠤᠭ ᠰᠦᠢᠳᠭᠡᠳᠡᠭ ᠠᠭᠤᠯᠠ ᠠᠭᠤᠷᠬᠠᠢ ᠶ᠋ᠢᠨ ᠲᠡᠭᠡᠭᠡᠪᠦᠷᠢ ᠶ᠋ᠢ ᠡᠰᠡᠷᠭᠦᠴᠡᠭᠰᠡᠨ ᠡᠴᠡ ᠪᠣᠯᠵᠤ ᠵᠡᠷᠯᠢᠭ ᠢ᠋ᠶ᠋ᠡᠷ ᠠᠯᠠᠭᠳᠠᠭᠰᠠᠨ᠃ ᠲᠡᠭᠡᠬᠦ ᠳ᠋ᠦ᠍ ᠥᠪᠥᠷ ᠮᠣᠩᠭᠤᠯ ᠤ᠋ᠨ ᠴᠥᠭᠡᠨ ᠦᠭᠡᠢ ᠬᠣᠲᠠ᠂ ᠬᠢᠯᠢ ᠤ᠋ᠨ ᠴᠠᠭᠠᠨ᠎ᠠ ᠳ᠋ᠤ᠌ ᠴᠤ᠌ ᠣᠯᠠᠨ ᠵᠢᠭᠰᠠᠭᠠᠯ ᠴᠤᠭᠯᠠᠭᠠᠨ ᠪᠣᠯᠵᠤ᠂ ᠡᠰᠡᠷᠭᠦᠴᠡᠯ ᠢᠯᠡᠷᠬᠡᠢᠯᠡᠵᠦ ᠪᠠᠢᠭᠰᠠᠨ ᠤ᠋ ᠳ᠋ᠦᠩ ᠳ᠋ᠦ᠍ ᠬᠢᠲᠠᠳ ᠤ᠋ᠨ ᠲᠥᠷᠦ ᠭᠡᠮᠲᠡᠨ ᠨᠦ᠍ᠭᠦᠳ ᠢ᠋ ᠣᠯᠵᠤ ᠰᠢᠳᠭᠡᠭᠰᠡᠨ᠂ ᠭᠡᠬᠦ ᠳ᠋ᠡᠭᠡᠨ ᠥᠪᠦᠷ ᠮᠣᠩᠭᠤᠯ ᠳ᠋ᠤ᠌ ᠣᠨᠴᠠ ᠪᠠᠢᠳᠠᠯ ᠲᠣᠭᠲᠠᠭᠠᠵᠤ᠂ ᠬᠠᠷᠭᠢᠰᠯᠠᠯ ᠥᠷᠨᠢᠭᠦᠯᠦᠭᠰᠡᠨ᠃
ᠮᠠᠯᠴᠢᠳ ᠤ᠋ᠨ ᠪᠡᠯᠴᠢᠭᠡᠷ ᠨᠤᠲᠤᠭ ᠢ᠋ ᠣᠯᠠᠨ ᠰᠢᠯᠲᠠᠭ ᠰᠢᠯᠲᠠᠭᠠᠨ ᠢ᠋ᠶ᠋ᠠᠷ ᠲᠥᠷᠦ ᠡᠴᠡ ᠪᠤᠯᠢᠶᠠᠵᠤ ᠠᠪᠴᠤ ᠬᠦᠴᠦ ᠪᠡᠷ ᠨᠡᠭᠦᠯᠭᠡᠳᠡᠭ᠂ ᠨᠥᠬᠦᠨ ᠣᠯᠭᠤᠪᠤᠷᠢ ᠣᠯᠭᠤᠳᠠᠭ ᠦᠭᠡᠢ᠂ ᠬᠤᠪᠢ ᠶ᠋ᠢᠨ ᠬᠡᠪᠰᠢᠯ ᠦ᠋ᠨ ᠬᠢᠲᠠᠳ ᠦᠨᠳᠦᠰᠦᠲᠡᠨ ᠡᠲᠡᠭᠡᠳ ᠦ᠋ᠳ ᠳᠤᠷ᠎ᠠ ᠵᠣᠷᠢᠭ ᠢ᠋ᠶ᠋ᠠᠷ ᠢ᠋ᠶ᠋ᠠᠨ ᠪᠤᠯᠢᠶᠠᠵᠤ ᠬᠥᠭᠡᠭᠡᠳᠡᠭ᠂ ᠦᠷ᠎ᠡ ᠳ᠋ᠦᠩ ᠨᠢ ᠮᠠᠯᠴᠢᠳ ᠠᠮᠢᠵᠢᠷᠠᠭ᠎ᠠ ᠦᠭᠡᠢ᠂ ᠠᠵᠢᠯ ᠠᠮᠢᠳᠤᠷᠠᠯ ᠦᠭᠡᠢ ᠪᠣᠯᠳᠠᠭ ᠨᠢ ᠮᠠᠰᠢ ᠬᠠᠪᠲᠠᠭᠠᠢᠷᠠᠭᠰᠠᠨ ᠦᠵᠡᠭᠳᠡᠯ ᠪᠣᠯᠤᠯ᠎ᠠ᠃ ᠲᠡᠮᠡᠴᠡᠵᠦ ᠡᠰᠡᠷᠭᠦᠴᠡᠭᠰᠡᠨ ᠬᠥᠮᠦᠨ ᠢ᠋ ᠶᠠᠯᠠᠯᠠᠵᠤ ᠬᠣᠷᠢᠬᠤ᠂ ᠱᠣᠷᠤᠩ ᠳ᠋ᠤ᠌ ᠵᠣᠳᠤᠭᠤᠷ᠂ ᠬᠦᠨᠳᠦ ᠨᠥᠬᠦᠴᠡᠯ ᠢ᠋ᠶ᠋ᠡᠷ ᠥᠭᠦᠯᠡᠬᠦ᠂ ᠡᠷᠡᠮᠳᠡᠭ ᠵᠡᠷᠡᠮᠳᠡᠭ᠂ ᠬᠦᠨᠳᠦ ᠡᠪᠡᠳᠴᠢᠨ ᠲᠡᠢ ᠪᠣᠯᠭᠠᠬᠤ᠂ ᠪᠠᠷᠢᠪᠴᠢᠯᠠᠬᠤ᠂ ᠭᠡᠷ ᠦ᠋ᠨ ᠬᠣᠷᠢᠭᠠᠨ ᠳ᠋ᠤ᠌ ᠣᠷᠤᠭᠤᠯᠬᠤ᠂ ᠠᠵᠢᠯ ᠳ᠋ᠤ᠌ ᠣᠷᠤᠬᠤ ᠪᠣᠯᠤᠮᠵᠢ ᠦᠭᠡᠢ ᠪᠣᠯᠭᠠᠬᠤ᠂ ᠭᠡᠷ ᠪᠦᠯᠢ᠂ ᠣᠢᠷ᠎ᠠ ᠲᠣᠳᠤᠨᠤᠬᠠᠨ ᠢ᠋ ᠨᠢ ᠳᠠᠷᠤᠮᠲᠠᠯᠠᠬᠤ᠂ ᠬᠤᠯᠠᠭᠠᠢᠯᠠᠨ ᠰᠤᠷᠠᠭ ᠦᠭᠡᠢ ᠪᠣᠯᠭᠠᠬᠤ᠂ ᠮᠥᠷᠳᠡᠵᠦ ᠮᠥᠰᠭᠢᠬᠦ ᠭᠡᠳ ᠵᠤᠢᠯ ᠪᠦᠷᠢ ᠪᠡᠷ ᠬᠡᠯᠮᠡᠭᠳᠡᠭᠦᠯᠳᠡᠭ᠃
2017 ᠣᠨ ᠤ᠋ ᠡᠴᠦᠰ ᠢ᠋ᠶ᠋ᠡᠷ ᠠᠷᠤ ᠬᠣᠷᠴᠢᠨ ᠳ᠋ᠤ᠌ ᠪᠣᠯᠬᠤ ᠪᠠᠢᠭᠰᠠᠨ ᠮᠠᠯᠴᠢᠳ ᠤ᠋ᠨ ᠲᠣᠮᠤ ᠴᠤᠭᠯᠠᠭᠠᠨ ᠢ᠋ ᠴᠠᠭᠳᠠᠭᠠᠨ ᠤ᠋ ᠶᠡᠬᠡ ᠬᠦᠴᠦ ᠶ᠋ᠢ ᠳᠠᠢᠴᠢᠯᠠᠵᠤ ᠲᠠᠰᠤᠯᠤᠨ ᠵᠣᠭᠰᠤᠭᠠᠭᠰᠠᠨ᠂ ᠵᠠᠷᠤᠳ ᠬᠣᠰᠢᠭᠤᠨ ᠤ᠋ ᠰᠢᠭᠦᠬᠦ ᠨᠢᠭᠡᠨ ᠬᠤᠷᠠᠯᠳᠤᠭᠠᠨ ᠢ᠋ᠶ᠋ᠠᠷ ᠲᠡᠮᠡᠴᠡᠭᠴᠢ 35 ᠮᠠᠯᠴᠢᠨ ᠳ᠋ᠤ᠌ ᠶᠠᠯ᠎ᠠ ᠣᠨᠤᠭᠠᠭᠰᠠᠨ᠂ ᠰᠢᠨᠵᠢᠶᠠᠩ ᠤᠢᠭᠤᠷ ᠤ᠋ᠨ ᠥᠪᠡᠷᠲᠡᠭᠡᠨ ᠵᠠᠰᠠᠬᠤ ᠣᠷᠤᠨ ᠤ᠋ ᠪᠠᠶᠠᠨᠭᠣᠣᠯ ᠤ᠋ᠨ ᠥᠪᠡᠷᠲᠡᠭᠡᠨ ᠵᠠᠰᠠᠬᠤ ᠲᠣᠭᠤᠷᠢᠭ ᠲᠤ᠌ ᠮᠣᠩᠭᠤᠯ ᠬᠡᠯᠡ ᠵᠢᠭᠠᠬᠤ ᠶ᠋ᠢ ᠬᠣᠷᠢᠭᠰᠠᠨ ᠭᠡᠰᠡᠨ ᠭᠤᠷᠪᠠᠨ ᠴᠣᠴᠢᠷᠳᠠᠭᠰᠠᠨ ᠬᠠᠷᠭᠢᠰ ᠶᠠᠪᠤᠳᠠᠯ ᠪᠣᠯᠤᠭᠰᠠᠨ᠃ ᠡᠨᠡ ᠨᠢ ᠡᠮᠦᠨᠡᠳᠦ ᠮᠣᠩᠭᠤᠯᠴᠤᠳ ᠤ᠋ᠨ ᠰᠢᠳᠤᠷᠭᠤ ᠡᠰᠡᠷᠭᠦᠴᠡᠯ᠂ ᠵᠦᠢ ᠶᠣᠰᠤ ᠨᠢ ᠡᠷᠬᠡ ᠠᠰᠢᠭ ᠢ᠋ ᠦᠭᠡ ᠲᠠᠭᠤ ᠦᠭᠡᠢ ᠨᠤᠬᠤᠴᠢᠨ ᠲᠠᠷᠠᠬᠤ ᠰᠢᠨ᠎ᠡ ᠦᠶ᠎ᠡ ᠱᠠᠳᠤ ᠶ᠋ᠢ ᠡᠬᠢᠯᠡᠭᠦᠯᠦᠭᠰᠡᠨ ᠶᠤᠮ᠃
ᠲᠡᠭᠦᠨ ᠡᠴᠡ ᠬᠣᠢᠰᠢ ᠤᠷᠢᠳᠠ ᠶ᠋ᠢᠨ ᠰᠢᠭ᠋ ᠵᠢᠭᠰᠠᠭᠠᠯ ᠴᠤᠭᠯᠠᠵᠤ ᠪᠣᠯᠬᠤ ᠦᠭᠡᠢ ᠪᠣᠯᠵᠤ᠂ ᠢᠯᠡ ᠣᠯᠠᠨ ᠨᠡᠢᠲᠡ ᠶ᠋ᠢᠨ ᠡᠰᠡᠷᠭᠦᠴᠡᠯ ᠪᠠᠷᠤᠭ ᠭᠠᠷᠤᠭᠰᠠᠨ ᠦᠭᠡᠢ᠃ ᠮᠠᠩᠯᠠᠢᠯᠠᠭᠴᠢ ᠮᠠᠯᠴᠢᠨ ᠲᠡᠮᠡᠴᠡᠭᠴᠢ ᠶᠠᠩᠵᠢᠨᠳᠤᠯᠮ᠎ᠠ ᠶ᠋ᠢ ᠭᠡᠷ ᠦ᠋ᠨ ᠬᠣᠷᠢᠭᠠᠨ ᠳ᠋ᠤ᠌ ᠣᠷᠤᠭᠤᠯᠤᠭᠰᠠᠨ᠃ ᠦᠭᠡ ᠬᠡᠯᠡᠬᠦ ᠭᠠᠭᠴᠠ ᠢᠨᠳᠡᠷ ᠪᠣᠯᠵᠤ ᠦᠯᠡᠳᠡᠭᠰᠡᠨ ᠰᠦᠯᠵᠢᠶ᠎ᠡ ᠬᠣᠯᠪᠤᠭ᠎ᠠ ᠶ᠋ᠢ ᠴᠤ᠌ ᠬᠠᠲᠠᠭᠤ ᠬᠢᠨᠠᠵᠤ᠂ ᠬᠡᠯᠡᠬᠦ ᠶᠠᠷᠢᠬᠤ ᠶ᠋ᠢ ᠬᠢᠵᠠᠭᠠᠷᠯᠠᠵᠤ ᠬᠣᠷᠢᠵᠤ᠂ ᠰᠢᠳᠭᠡᠯ ᠨᠢ ᠨᠡᠮᠡᠭᠳᠡᠭᠰᠡᠨ᠃
ᠡᠮᠦᠨᠡᠳᠦ ᠮᠣᠩᠭᠤᠯᠴᠤᠳ ᠤ᠋ᠨ ᠬᠤᠪᠢ ᠳ᠋ᠤ᠌ ᠪᠦᠭᠦᠳᠡ ᠨᠠᠢᠷᠠᠮᠳᠠᠬᠤ ᠬᠢᠲᠠᠳ ᠠᠷᠠᠳ ᠤᠯᠤᠰ ᠂ ᠬᠢᠲᠠᠳ ᠤ᠋ᠨ ᠺᠣᠮᠮᠤᠨᠢᠰᠲ ᠨᠠᠮ ᠬᠥᠮᠦᠨ ᠦ᠌ ᠡᠷᠬᠡ ᠶ᠋ᠢᠨ ᠲᠦᠭᠡᠮᠡᠯ ᠲᠤᠩᠬᠠᠭᠯᠠᠯ ᠤ᠋ᠨ ᠪᠦᠬᠦ ᠵᠦᠢᠯ ᠢ᠋ ᠲᠤᠢᠯ ᠤ᠋ᠨ ᠶᠡᠬᠡ ᠪᠡᠷ ᠵᠥᠷᠢᠴᠡᠵᠦ ᠢᠷᠡᠯ᠎ᠡ᠃
ᠡᠮᠦᠨᠡᠳᠦ ᠮᠣᠩᠭᠤᠯ ᠳ᠋ᠤ᠌ ᠪᠣᠯᠤᠨ᠂ ᠪᠦᠭᠦᠳᠡ ᠨᠠᠢᠷᠠᠮᠳᠠᠬᠤ ᠬᠢᠲᠠᠳ ᠠᠷᠠᠳ ᠤᠯᠤᠰ ᠤ᠋ᠨ ᠬᠢᠯᠢ ᠤ᠋ᠨ ᠭᠠᠳᠠᠨ᠎ᠠ ᠡᠮᠦᠨᠡᠳᠦ ᠮᠣᠩᠭᠤᠯᠴᠤᠳ᠂ ᠲᠡᠳᠡᠨ ᠢ᠋ ᠳᠡᠮᠵᠢᠭᠴᠢ ᠪᠤᠰᠤᠳ ᠤᠯᠤᠰ ᠦᠨᠳᠦᠰᠦᠲᠡᠨ ᠦ᠌ ᠢᠳᠡᠪᠬᠢᠲᠡᠨ ᠨᠦ᠍ᠭᠦᠳ᠂ ᠠᠨᠳᠠ ᠨᠥᠬᠦᠳ ᠴᠥᠭᠡᠩᠬᠢ ᠦᠨᠳᠦᠰᠦᠲᠡᠨ ᠦ᠌ ᠡᠰᠡᠷᠡᠭ ᠬᠡᠷᠡᠭᠵᠢᠭᠦᠯᠵᠦ ᠢᠷᠡᠭᠰᠡᠨ ᠬᠢᠲᠠᠳ ᠤ᠋ᠨ ᠦᠨᠳᠦᠰᠦᠲᠡᠨ ᠢ᠋ ᠬᠣᠮᠤᠷᠭᠠᠯᠠᠨ ᠤᠰᠠᠳᠭᠠᠬᠤ᠂ ᠺᠣᠯᠣᠨᠢᠴᠢᠯᠠᠭᠴᠢ᠂ ᠳᠡᠭᠡᠷᠡᠩᠭᠦᠢ᠂ ᠠᠷᠠᠰᠤ ᠥᠩᠭᠡ ᠪᠡᠷ ᠢᠯᠭᠠᠪᠤᠷᠢᠯᠠᠬᠤ᠂ ᠭᠠᠳᠠᠭᠤᠷᠴᠢᠯᠠᠬᠤ᠂ ᠬᠠᠷᠭᠢᠰ ᠪᠣᠳᠤᠯᠭ᠎ᠠ ᠶ᠋ᠢ ᠡᠰᠡᠷᠭᠦᠴᠡᠨ ᠲᠡᠮᠡᠴᠡᠵᠦ ᠢᠷᠡᠭᠰᠡᠨ ᠴᠦ᠍ ᠨᠥᠬᠦᠴᠡᠯ ᠪᠠᠢᠳᠠᠯ ᠰᠠᠢᠨ ᠵᠦᠭ ᠤᠷᠤᠭᠤ ᠥᠭᠡᠷᠡᠴᠢᠯᠡᠭᠳᠡᠭᠰᠡᠨ ᠦᠭᠡᠢ᠂ ᠬᠠᠷᠢᠨ ᠴᠤ᠌ ᠤᠯᠠᠮ ᠳᠣᠣᠷᠠᠲᠤᠬᠤ ᠬᠡᠲᠦ ᠶ᠋ᠢᠨ ᠲᠥᠯᠦᠪᠲᠡᠢ ᠪᠠᠢᠨ᠎ᠠ᠃
ᠤᠴᠢᠷ ᠡᠢᠮᠦ ᠳ᠋ᠦ᠍᠂ ᠥᠨᠦᠳᠦᠷ ᠳᠠᠶᠠᠩ ᠳᠡᠯᠡᠬᠡᠢ ᠳ᠋ᠦ᠍ ᠰᠢᠳᠤᠷᠭᠤ ᠶᠣᠰᠤᠨ ᠤ᠋ ᠲᠠᠭᠤ ᠬᠣᠭᠤᠯᠠᠢ᠂ ᠬᠠᠮᠠᠭᠠᠯᠠᠭᠴᠢ ᠪᠣᠯᠵᠤ ᠪᠠᠢᠭ᠎ᠠ ᠠᠮᠧᠷᠢᠺᠠ ᠢᠨ ᠨᠢᠭᠡᠳᠦᠭᠰᠡᠨ ᠤᠯᠤᠰ ᠦ᠋ᠨ ᠬᠤᠷᠠᠯ ᠦ᠋ᠨ ᠭᠡᠰᠢᠭᠦᠨ ᠡᠷᠬᠢᠮ ᠨᠥᠬᠦᠳ ᠲᠠ ᠪᠦᠬᠦᠨ ᠰᠢᠶᠠᠩᠭᠠᠩ᠂ ᠤᠢᠭᠤᠷ ᠦ᠋ᠨ ᠠᠷᠠᠳ ᠲᠦᠮᠡᠨ ᠢ᠋ ᠬᠠᠮᠠᠭᠠᠯᠠᠭᠰᠠᠨ ᠬᠠᠤᠯᠢ ᠭᠠᠷᠭᠠᠭᠰᠠᠨ ᠰᠢᠭ᠋ ᠢ᠋ᠶ᠋ᠠᠷ᠂ ᠡᠮᠦᠨᠡᠳᠦ ᠮᠣᠩᠭᠤᠯ ᠦ᠋ᠨ ᠤᠤᠭᠠᠯ ᠬᠥᠮᠦᠨ ᠠᠷᠠᠳ ᠦ᠋ᠨ ᠭᠠᠰᠠᠯᠠᠩ ᠵᠣᠪᠠᠯᠠᠩ ᠢ᠋ ᠣᠢᠯᠠᠭᠠᠨ ᠦᠵᠡᠵᠦ᠂ ᠮᠦᠨ ᠠᠳᠠᠯᠢ ᠡᠮᠦᠨᠡᠳᠦ ᠮᠣᠩᠭᠤᠯ ᠢ᠋ ᠬᠠᠮᠠᠭᠠᠯᠠᠭᠰᠠᠨ ᠬᠠᠤᠯᠢ ᠭᠠᠷᠭᠠᠵᠤ ᠦᠬᠦᠭᠡᠴᠢ᠂ ᠡᠮᠦᠨᠡᠳᠦ ᠮᠣᠩᠭᠤᠯᠴᠤᠳ ᠦ᠋ᠨ ᠲᠡᠳᠦᠢ ᠦᠭᠡᠢ ᠬᠥᠮᠦᠨ ᠲᠥᠷᠦᠯᠬᠢᠲᠡᠨ ᠦ᠌ ᠡᠰᠡᠷᠡᠭ ᠪᠦᠭᠦᠳᠡ ᠨᠠᠢᠷᠠᠮᠳᠠᠬᠤ ᠬᠢᠲᠠᠳ ᠠᠷᠠᠳ ᠤᠯᠤᠰ ᠦ᠋ᠨ ᠭᠡᠮᠲᠦ ᠬᠡᠷᠡᠭ ᠢ᠋ ᠲᠠᠰᠤᠯᠤᠨ ᠵᠣᠭᠰᠤᠭᠠᠵᠤ ᠦᠬᠦᠭᠡᠴᠢ ᠭᠡᠵᠦ ᠬᠢᠴᠢᠶᠡᠩᠭᠦᠢᠯᠡᠨ ᠬᠦᠰᠡᠵᠦ ᠪᠠᠢᠨ᠎ᠠ᠃ ᠲᠠ ᠪᠦᠬᠦᠨ ᠲᠡᠢ ᠡᠮᠦᠨᠡᠳᠦ ᠮᠣᠩᠭᠤᠯᠴᠤᠳ ᠦ᠋ᠨ ᠡᠷᠬᠡ ᠴᠢᠯᠦᠭᠡ᠂ ᠡᠷᠬᠡ ᠠᠰᠢᠭ ᠦ᠋ᠨ ᠲᠥᠯᠦᠭᠡ ᠬᠠᠮᠲᠤᠷᠠᠨ ᠠᠵᠢᠯᠯᠠᠬᠤ ᠳ᠋ᠤ᠌ ᠪᠡᠯᠡᠨ ᠪᠠᠢᠨ᠎ᠠ᠃
ᠬᠦᠨᠳᠦᠳᠭᠡᠨ ᠶᠣᠰᠤᠯᠠᠭᠰᠠᠨ
ᠡᠮᠦᠨᠡᠳᠦ ᠮᠣᠩᠭᠤᠯ ᠤ᠋ᠨ ᠶᠡᠬᠡ ᠬᠤᠷᠠᠯᠳᠠᠢ
ᠲᠡᠷᠢᠭᠦᠨ᠄ ᠲᠡᠮᠡᠴᠡᠯᠲᠦ
ᠶᠡᠷᠦᠩᠬᠡᠢ ᠨᠠᠷᠢᠨ ᠪᠢᠴᠢᠭᠡᠴᠢ ᠶ᠋ᠢᠨ ᠳᠠᠷᠤᠭ᠎ᠠ᠄ ᠣᠯᠬᠤᠨᠤᠳ ᠲᠠᠢᠴᠢᠨ
ᠲᠣᠣᠺᠢᠣ᠋ 2019.12.6
ᠡᠬᠢ ᠰᠤᠷᠪᠤᠯᠵᠢ᠄ http://southmongolia.org/mn/2030