ᠡᠮᠦᠨᠡᠳᠦ ᠮᠣᠩᠭᠣᠯ ᠦ᠋ᠨ ᠶᠡᠬᠡ ᠬᠤᠷᠠᠯᠲᠠᠢ

ᠨᠠᠭᠣᠶ᠎ᠠ ᠬᠣᠲᠠᠨ ᠳᠤ<<ᠡᠬᠡ ᠬᠡᠯᠡ ᠪᠡᠨ ᠬᠠᠮᠠᠭᠠᠯᠠᠬᠤ ᠬᠦᠳᠡᠯᠭᠡᠭᠡᠨ ᠪᠣᠯᠣᠨ ᠳᠡᠯᠡᠬᠡᠢ ᠶᠢᠨ ᠤᠯᠤᠰ ᠲᠥᠷᠥ ᠶᠢᠨ ᠬᠣᠪᠢᠰᠤᠯᠲᠠ>>ᠨᠡᠬᠡᠭᠡᠯᠳᠡ ᠲᠡᠢ ᠬᠤᠷᠠᠯ  ᠪᠣᠯᠪᠠ

︽ᠡᠬᠡ ᠬᠡᠯᠡ ᠪᠡᠨ ᠬᠠᠮᠠᠭᠠᠯᠠᠬᠤ ᠬᠦᠳᠡᠯᠭᠡᠭᠡᠨ ᠪᠣᠯᠣᠨ ᠳᠡᠯᠡᠬᠡᠢ ᠶᠢᠨ ᠤᠯᠤᠰ ᠲᠥᠷᠥ ᠶᠢᠨ ᠬᠣᠪᠢᠰᠤᠯᠲᠠ︾ ᠨᠡᠬᠡᠭᠡᠯᠳᠡ ᠲᠡᠢ ᠬᠤᠷᠠᠯ ᠤᠨ ᠪᠣᠯᠪᠠ

 ᠥᠩᠭᠡᠷᠡᠭᠰᠡᠨ ᠭᠠᠷᠠᠭ ᠤᠨ ᠬᠠᠭᠠᠰ ᠰᠠᠢᠨ ᠡᠳᠦᠷ ᠪᠣᠯᠬᠤ 9 ᠳ᠋ᠦ᠋ᠭᠡᠷ ᠰᠠᠷ᠎ᠠ ᠶᠢᠨ4 ᠦ ᠡᠳᠦᠷ ᠂ ᠶᠠᠫᠣᠨ ᠤᠯᠤᠰ ᠤᠨ  ᠨᠠᠭᠤᠶᠠ ᠬᠣᠲᠠᠨ᠎ᠠ︽ᠡᠬᠡ ᠬᠡᠯᠡ ᠪᠡᠨ ᠬᠠᠮᠠᠭᠠᠯᠠᠬᠤ ᠬᠦᠳᠡᠯᠭᠡᠭᠡᠨ ᠪᠣᠯᠣᠨ ᠳᠡᠯᠡᠬᠡᠢ ᠶᠢᠨ ᠤᠯᠤᠰ ᠲᠥᠷᠥ ᠶᠢᠨ ᠬᠣᠪᠢᠰᠤᠯᠲᠠ︾ ᠰᠡᠳᠦᠪᠲᠦ ᠨᠡᠬᠡᠭᠡᠯᠳᠡ ᠲᠡᠢ ᠬᠤᠷᠠᠯ ᠪᠣᠯᠵᠤ ᠥᠩᠭᠡᠷᠡᠭᠰᠡᠨ ᠪᠠᠢᠨ᠎ᠠ᠃

ᠬᠢᠲᠠᠳ ᠤᠨ ᠺᠣᠯᠣᠨᠢᠴᠢᠯᠠᠯ ᠤᠨ ᠬᠠᠷᠤᠩᠭᠤᠢ ᠪᠣᠳᠣᠯᠭ᠎ᠠ ᠶᠢᠨ ᠳ᠋ᠦᠩ ᠳᠦ ᠡᠮᠦᠨᠡᠲᠦ ᠮᠣᠩᠭᠣᠯᠴᠤᠳ ᠡᠬᠡ ᠬᠡᠯᠡ ᠪᠡᠨ ᠴᠢᠯᠦᠭᠡᠲᠡᠢ ᠰᠤᠷᠬᠤ ᠡᠷᠬᠡ ᠪᠡᠨ ᠴᠤ ᠠᠯᠳᠠᠭᠰᠠᠨ  ᠪᠠᠢᠨ᠎ᠠ ᠃ ᠡᠨᠡ ᠬᠦ ᠬᠦᠨᠳᠦ ᠪᠠᠢᠳᠠᠯ ᠤᠨ ᠡᠰᠡᠷᠭᠦ ᠬᠦᠴᠦᠲᠡᠢ ᠡᠰᠡᠷᠭᠦᠴᠡᠵᠦ ᠡᠬᠢᠯᠡᠭᠰᠡᠨ︽ ᠡᠬᠡ ᠬᠡᠯᠡ  ᠪᠠᠨ ᠠᠪᠤᠷᠠᠨ ᠬᠠᠮᠠᠭᠠᠯᠠᠬᠤ ᠬᠦᠳᠡᠯᠭᠡᠭᠡᠨ︾ ᠤ ᠨᠢᠭᠡᠨ ᠵᠢᠯ ᠪᠣᠯᠵᠤ ᠪᠠᠢᠭ᠎ᠠ  ᠳᠤ ᠲᠣᠬᠢᠶᠠᠯᠳᠤᠭᠤᠯᠤᠨ᠂ ᠣᠳᠣᠬᠢ ᠳᠡᠯᠡᠬᠡᠢ ᠶᠢᠨ ᠤᠯᠤᠰ ᠲᠥᠷᠦ ᠶᠢᠨ ᠬᠤᠷᠴᠠ ᠬᠣᠪᠢᠰᠤᠯᠲᠠ ᠶᠢᠨ ᠳᠤᠮᠳᠠ ᠡᠮᠦᠨᠡᠳᠦ  ᠮᠣᠩᠭᠣᠯᠴᠤᠳ ᠤᠨ ᠡᠬᠡ ᠬᠡᠯᠡ ᠪᠡᠨ ᠠᠪᠤᠷᠠᠬᠤ ᠬᠦᠳᠡᠯᠭᠡᠭᠡᠨ ᠵᠢᠴᠢ ᠢᠷᠡᠭᠡᠳᠦᠢ ᠶᠢᠨ ᠬᠤᠪᠢ ᠵᠠᠶᠠᠭᠠᠨ ᠤ ᠲᠤᠬᠠᠢ ᠰᠠᠨᠠᠭᠠᠰᠢᠷᠠᠭᠰᠠᠨ ᠶᠠᠷᠢᠯᠴᠠᠬᠤ ᠬᠤᠷᠠᠯ  ᠢ ᠡᠮᠦᠨᠡᠳᠦ ᠮᠣᠩᠭᠤᠯ ᠤᠨ ᠶᠡᠬᠡ ᠬᠤᠷᠠᠯᠲᠠᠢ ᠠᠴᠠ ᠰᠠᠨᠠᠭᠠᠴᠢᠯᠠᠨ ᠡᠷᠬᠢᠯᠡᠵᠦ᠂ ᠠᠮᠵᠢᠯᠲᠠᠲᠠᠢ ᠶᠠᠪᠣᠭᠳᠠᠭᠰᠠᠨ ᠪᠠᠢᠨ᠎ᠠ᠃ ᠲᠣᠰ ᠬᠤᠷᠠᠯ ᠢ ᠮᠦᠨ ᠴᠤ ᠳᠡᠯᠡᠬᠡᠢ ᠶᠢᠨ ᠮᠣᠩᠭᠤᠯᠴᠣᠳ ᠤᠨ ᠬᠣᠯᠪᠤᠭ᠎ᠠ︵ ᠶᠠᠫᠣᠨ ᠳᠠᠬᠢ︶ ᠬᠠᠮᠲᠤᠷᠠᠨ ᠡᠷᠬᠢᠯᠡᠵᠦ᠂ ᠡᠮᠦᠨᠡᠲᠦ ᠮᠣᠩᠭᠤᠯ ᠢ ᠳᠡᠮᠵᠢᠬᠦ  ᠶᠠᠫᠣᠨᠴᠤᠳ ᠤᠨ ᠬᠤᠷᠠᠯ ᠠᠴᠠ ᠳᠡᠮᠵᠢᠨ ᠡᠷᠬᠢᠯᠡᠭᠰᠡᠨ ᠪᠠᠢᠨ᠎ᠠ᠃

ᠬᠤᠷᠠᠯ ᠨᠢ ᠲᠤᠰᠬᠠᠢ ᠰᠡᠳᠦᠪᠲᠦ ᠢᠯᠡᠳᠭᠡᠯ ᠪᠣᠯᠣᠨ ᠴᠢᠯᠦᠭᠡᠲᠦ ᠬᠡᠯᠡᠯᠴᠡᠭᠦᠯᠭᠡ ᠭᠡᠰᠡᠨ ᠬᠣᠶᠠᠷ ᠬᠡᠰᠡᠭ  ᠬᠤᠪᠢᠶᠠᠭᠳᠠᠨ ᠶᠠᠪᠤᠭᠳᠠᠭᠰᠠᠨ ᠪᠠᠢᠨ᠎ᠠ᠃

 ᠡᠬᠢᠨ ᠦ ᠬᠡᠰᠡᠭ  ᠦᠨ ᠲᠤᠰᠬᠠᠢ ᠰᠡᠳᠦᠪᠲᠦ ᠢᠯᠡᠳᠭᠡᠯ ᠢ ᠬᠠᠤᠯᠢ ᠵᠦᠢ ᠶᠢᠨ ᠤᠬᠠᠭᠠᠨ ᠤ ᠳ᠋ᠣᠺᠲ᠋ᠣᠷ᠂ ᠲᠤᠤᠶ᠋ᠢᠨ ᠶᠣᠺᠣᠬᠠᠮᠠ ᠶᠡᠬᠡ ᠰᠤᠷᠭᠠᠭᠤᠯᠢ ᠶᠢᠨ ᠪᠠᠭᠰᠢ  ᠰ ᠂  ᠪᠣᠶᠠᠨᠲᠤ ︵ ᠪᠢᠴᠢᠭ  ᠦᠨ  ᠨᠡᠷ᠎ᠡ  ᠰ ᠂  ᠬᠥᠬᠡ ︶ ᠪᠡᠷ ︽ᠡᠬᠡ ᠬᠡᠯᠡ ᠪᠡᠨ ᠬᠠᠮᠠᠭᠠᠯᠠᠬᠤ ᠬᠦᠳᠡᠯᠭᠡᠭᠡᠨ ᠪᠣᠯᠣᠨ ᠳᠡᠯᠡᠬᠡᠢ ᠶᠢᠨ ᠤᠯᠤᠰ ᠲᠥᠷᠥ ᠶᠢᠨ ᠪᠠᠢᠳᠠᠯ ᠤᠨ ᠲᠤᠬᠠᠢ ︾ ᠰᠡᠳᠦᠪ  ᠢᠶᠡᠷ ᠬᠢᠭᠰᠡᠨ ᠪᠠᠢᠨ᠎ᠠ᠃

ᠬᠣᠶᠠᠳᠤᠭᠠᠷ ᠬᠡᠰᠡᠭ  ᠦᠨ ᠴᠢᠯᠦᠭᠡᠲᠦ ᠬᠡᠯᠡᠯᠴᠡᠭᠦᠯᠭᠡ ᠳᠦ

 ᠣ ᠂  ᠥᠷᠭᠡᠨ︵ ᠡᠮᠦᠨᠡᠲᠦ ᠮᠣᠩᠭᠤᠯ ᠤᠨ ᠶᠡᠬᠡ ᠬᠤᠷᠠᠯᠳᠠᠢ ᠶᠢᠨ ᠳᠡᠳ᠋ ᠳᠠᠷᠤᠭ᠎ᠠ︶᠂ ᠴ᠂  ᠮᠥᠩᠬᠡᠪᠠᠶᠠᠷ︵ ᠰᠡᠳᠭᠦᠯᠴᠢ᠂ ᠡᠮᠦᠨᠡᠲᠦ ᠮᠣᠩᠭᠤᠯ ᠤᠨ ᠶᠡᠬᠡ ᠬᠤᠷᠠᠯᠳᠠᠢ ᠶᠢᠨ ᠮᠣᠩᠭᠤᠯ ᠳᠠᠬᠢ ᠰᠠᠯᠪᠤᠷᠢ ᠶᠢᠨ ᠳᠠᠷᠤᠭ᠎ᠠ︶᠂ ᠬ ᠂  ᠨᠠᠷᠠᠰᠤ︵ ᠰᠧᠸ᠋ᠳᠧᠨ ᠦ ᠮᠣᠩᠭᠤᠯ ᠰᠣᠶᠣᠯ ᠤᠨ ᠬᠣᠯᠪᠣᠭᠠᠨ ᠤ ᠳᠠᠷᠤᠭ᠎ᠠ︶᠂ ᠴ ᠂  ᠵᠢᠷᠭᠠᠯ︵ ᠳᠡᠯᠡᠭᠡᠢ ᠶᠢᠨ ᠮᠣᠩᠭᠣᠯᠴᠤᠳ ᠤᠨ ᠬᠣᠯᠪᠤᠭᠠᠨ ᠤ ᠨᠡᠢᠭᠡᠮ ᠤᠯᠤᠰ ᠲᠥᠷᠦ ᠶᠢᠨ ᠬᠡᠯᠲᠡᠰ ᠦᠨ ᠳᠠᠷᠤᠭ᠎ᠠ︶ᠰ ᠂  ᠪᠣᠶᠠᠨᠲᠤ︵ᠪᠢᠴᠢᠭ  ᠦᠨ  ᠨᠡᠷ᠎ᠡ  ᠰ ᠂  ᠬᠥᠬᠡ ︶︵ᠬᠠᠤᠯᠢ ᠵᠦᠢ ᠶᠢᠨ ᠤᠬᠠᠭᠠᠨ ᠤ ᠳ᠋ᠣᠺᠲ᠋ᠣᠷ᠂ ᠲᠤᠤᠶ᠋ᠢᠨ ᠶᠣᠺᠣᠬᠠᠮᠠ ᠶᠡᠬᠡ ᠰᠤᠷᠭᠠᠭᠤᠯᠢ ᠶᠢᠨ ᠪᠠᠭᠰᠢ︶ ᠨᠠᠷ ᠣᠷᠤᠯᠴᠠᠭᠰᠠᠨ ᠪᠠᠢᠨ᠎ᠠ᠃

ᠬᠤᠷᠠᠯ᠎  ᠤᠨ ᠨᠡᠬᠡᠭᠡᠯᠲᠡ ᠶᠢᠨ ᠦᠭᠡ ᠡᠮᠦᠨᠡᠲᠦ ᠮᠣᠩᠭᠤᠯ ᠤᠨ ᠶᠡᠬᠡ ᠬᠤᠷᠠᠯᠳᠠᠢ ᠶᠢᠨ ᠳᠠᠷᠤᠭ᠎ᠠ ᠱᠣᠪᠴᠢᠭᠤᠳ ᠲᠡᠮᠡᠴᠡᠯᠲᠤ ᠬᠡᠯᠡᠵᠦ᠂ ᠬᠠᠭᠠᠯᠲᠠ ᠶᠢᠨ ᠦᠭᠡ ᠶᠢ ᠡᠮᠦᠨᠡᠲᠦ ᠮᠣᠩᠭᠣᠯ ᠤᠨ ᠶᠡᠬᠡ ᠬᠤᠷᠠᠯᠳᠠᠢ ᠶᠢᠨ ᠳᠡᠳ᠋ ᠳᠠᠷᠤᠭ᠎ᠠ ᠣ ᠂ ᠥᠷᠭᠡᠨ ᠶᠠᠷᠢᠨ᠂ ᠡᠮᠦᠨᠡᠲᠦ ᠮᠣᠩᠭᠤᠯ ᠤᠨ ᠶᠡᠬᠡ ᠬᠣᠷᠠᠯᠳᠠᠢ ᠶᠢᠨ ᠨᠠᠷᠢᠨ ᠪᠢᠴᠢᠭ ᠦᠨ ᠳᠠᠷᠤᠭ᠎ᠠ ᠣᠯᠬᠤᠨᠤᠳ ᠳᠠᠢᠴᠢᠨ ᠪᠡᠷ᠎ ᠬᠤᠷᠠᠯ ᠢ  ᠬᠥᠲᠦᠯᠡᠵᠡᠢ᠃ 

 ᠬᠤᠷᠠᠯ ᠳᠤ ᠣᠨᠯᠠᠶ᠋ᠢᠨ ᠢᠶᠠᠷ ᠬᠡᠰᠡᠭ ᠬᠦᠮᠦᠰ ᠣᠷᠣᠯᠴᠠᠭᠰᠠᠨ ᠪᠦᠭᠡᠳ ᠡᠮᠦᠨᠡᠲᠦ ᠮᠣᠩᠭᠣᠯ ᠤᠨ ᠶᠡᠬᠡ ᠬᠤᠷᠠᠯᠳᠠᠢ ᠶᠢᠨ ᠹᠸᠡᠢᠰᠪᠦᠺ ᠬᠠᠭᠤᠳᠠᠰᠤ ᠪᠠᠷ ᠰᠢᠭᠤᠳ ᠨᠡᠪᠲᠡᠷᠡᠭᠦᠯᠭᠡ ᠬᠢᠵᠡᠢ᠃ᠬᠤᠷᠠᠯ ᠤᠨ ᠠᠭᠤᠯᠭ᠎ᠠ ᠶᠢᠨ ᠨᠠᠷᠢᠯᠢᠭ ᠮᠡᠳᠡᠭᠡᠯᠡᠯ ᠢ  ᠡᠮᠦᠨᠡᠲᠦ ᠮᠣᠩᠭᠤᠯ ᠤᠨ ᠶᠡᠬᠡ ᠬᠤᠷᠠᠯᠳᠠᠢ ᠶᠢᠨ ᠹᠸᠡᠢᠰᠪᠦᠺ ᠬᠠᠭᠤᠳᠠᠰᠤ ᠠᠴᠠ ᠯᠠᠪᠯᠠᠭᠠᠷᠠᠢ᠃

ᠡᠮᠦᠨᠡᠲᠦ ᠮᠣᠩᠭᠤᠯ ᠤᠨ ᠶᠡᠬᠡ ᠬᠤᠷᠠᠯᠳᠠᠢ ᠶᠢᠨ ᠳᠠᠷᠤᠭ᠎ᠠ ᠱᠣᠪᠴᠢᠭᠤᠳ ᠲᠡᠮᠡᠴᠡᠯᠲᠤᠬᠤᠷᠠᠯ᠎  ᠤᠨ ᠨᠡᠬᠡᠭᠡᠯᠲᠡ ᠶᠢᠨ ᠦᠭᠡ ᠬᠡᠯᠡᠵᠦ ᠪᠠᠢᠭ᠎ᠠ ᠨᠢ
ᠬᠠᠤᠯᠢ ᠵᠦᠢ ᠶᠢᠨ ᠤᠬᠠᠭᠠᠨ ᠤ ᠳ᠋ᠣᠺᠲ᠋ᠣᠷ᠂ ᠲᠤᠤᠶ᠋ᠢᠨ ᠶᠣᠺᠣᠬᠠᠮᠠ ᠶᠡᠬᠡ ᠰᠤᠷᠭᠠᠭᠤᠯᠢ ᠶᠢᠨ ᠪᠠᠭᠰᠢ  ᠰ ᠂  ᠪᠣᠶᠠᠨᠲᠤ ︵ ᠪᠢᠴᠢᠭ  ᠦᠨ  ᠨᠡᠷ᠎ᠡ  ᠰ ᠂  ᠬᠥᠬᠡ ︶ ᠪᠡᠷ ︽ᠡᠬᠡ ᠬᠡᠯᠡ ᠪᠡᠨ ᠬᠠᠮᠠᠭᠠᠯᠠᠬᠤ ᠬᠦᠳᠡᠯᠭᠡᠭᠡᠨ ᠪᠣᠯᠣᠨ ᠳᠡᠯᠡᠬᠡᠢ ᠶᠢᠨ ᠤᠯᠤᠰ ᠲᠥᠷᠥ ᠶᠢᠨ ᠪᠠᠢᠳᠠᠯ ᠤᠨ ᠲᠤᠬᠠᠢ ︾ ᠰᠡᠳᠦᠪ  ᠢᠶᠡᠷ ᠬᠢᠭᠰᠡᠨ ᠪᠠᠢᠨ᠎ᠠ᠃