ᠡᠮᠦᠨᠡᠳᠦ ᠮᠣᠩᠭᠣᠯ ᠦ᠋ᠨ ᠶᠡᠬᠡ ᠬᠤᠷᠠᠯᠲᠠᠢ

《 ᠡᠬᠡ ᠬᠡᠯᠡ ᠪᠡᠨ ᠬᠠᠮᠠᠭᠠᠯᠠᠬᠤ ᠬᠦᠳᠡᠯᠭᠡᠭᠡᠨ ᠪᠣᠯᠣᠨ ᠳᠡᠯᠡᠬᠡᠢ ᠶᠢᠨ ᠤᠯᠤᠰ ᠲᠥᠷᠥ ᠶᠢᠨ ᠬᠣᠪᠢᠰᠤᠯᠲᠠ 》 ᠨᠡᠬᠡᠭᠡᠯᠳᠡ ᠲᠡᠢ ᠬᠤᠷᠠᠯ ᠤᠨ ᠮᠡᠳᠡᠭᠳᠡᠯ

ᠬᠢᠲᠠᠳ ᠤᠨ ᠺᠣᠯᠣᠨᠢᠴᠢᠯᠠᠯ ᠤᠨ ᠬᠠᠷᠤᠩᠭᠤᠢ ᠪᠣᠳᠣᠯᠭ᠎ᠠ ᠶᠢᠨ ᠳ᠋ᠦᠩ ᠳᠦ ᠡᠮᠦᠨᠡᠲᠦ ᠮᠣᠩᠭᠣᠯᠴᠤᠳ ᠡᠬᠡ ᠬᠡᠯᠡ ᠪᠡᠨ ᠴᠢᠯᠦᠭᠡᠲᠡᠢ ᠰᠤᠷᠬᠤ ᠡᠷᠬᠡ ᠪᠡᠨ ᠴᠤ ᠠᠯᠳᠠᠭᠰᠠᠨ  ᠪᠠᠢᠨ᠎ᠠ ᠃ ᠡᠨᠡ ᠬᠦ ᠬᠦᠨᠳᠦ ᠪᠠᠢᠳᠠᠯ ᠤᠨ ᠡᠰᠡᠷᠭᠦ ᠬᠦᠴᠦᠲᠡᠢ ᠡᠰᠡᠷᠭᠦᠴᠡᠵᠦ ᠡᠬᠢᠯᠡᠭᠰᠡᠨ<< ᠡᠬᠡ ᠬᠡᠯᠡ  ᠪᠠᠨ ᠠᠪᠤᠷᠠᠨ ᠬᠠᠮᠠᠭᠠᠯᠠᠬᠤ ᠬᠦᠳᠡᠯᠭᠡᠭᠡᠨ>> ᠤ ᠨᠢᠭᠡᠨ ᠵᠢᠯ ᠪᠣᠯᠵᠤ ᠪᠠᠢᠭ᠎ᠠ  ᠳᠤ ᠲᠣᠬᠢᠶᠠᠯᠳᠤᠭᠤᠯᠤᠨ᠂ ᠣᠳᠣᠬᠢ ᠳᠡᠯᠡᠬᠡᠢ ᠶᠢᠨ ᠤᠯᠤᠰ ᠲᠥᠷᠦ ᠶᠢᠨ ᠬᠤᠷᠴᠠ ᠬᠣᠪᠢᠰᠤᠯᠲᠠ ᠶᠢᠨ ᠳᠤᠮᠳᠠ ᠡᠮᠦᠨᠡᠳᠦ  ᠮᠣᠩᠭᠣᠯᠴᠤᠳ ᠤᠨ ᠡᠬᠡ ᠬᠡᠯᠡ ᠪᠡᠨ ᠠᠪᠤᠷᠠᠬᠤ ᠬᠦᠳᠡᠯᠭᠡᠭᠡᠨ ᠵᠢᠴᠢ ᠢᠷᠡᠭᠡᠳᠦᠢ ᠶᠢᠨ ᠬᠤᠪᠢ ᠵᠠᠶᠠᠭᠠᠨ ᠤ ᠲᠤᠬᠠᠢ ᠰᠠᠨᠠᠭᠠᠰᠢᠷᠠᠭᠰᠠᠨ ᠶᠠᠷᠢᠯᠴᠠᠬᠤ ᠬᠤᠷᠠᠯ ᠬᠢᠬᠦ ᠪᠡᠷ ᠪᠣᠯᠣᠭᠰᠠᠨ ᠢ ᠲᠠ ᠪᠦᠬᠦᠨ ᠳᠡᠬᠡᠨ ᠰᠣᠨᠣᠷᠲᠠᠭᠤᠯᠵᠤ ᠪᠠᠢᠨ᠎ᠠ᠃ ᠲᠠ ᠪᠦᠬᠦᠨ ᠢᠳᠡᠪᠬᠢᠯᠡᠨ ᠣᠷᠤᠯᠴᠠᠵᠤ ᠪᠣᠳᠤᠯ ᠰᠠᠨᠠᠯ ᠢᠶᠠᠨ ᠬᠤᠪᠢᠶᠠᠯᠴᠠᠬᠤ ᠶᠢ ᠬᠦᠰᠡᠨ ᠤᠷᠢᠵᠤ ᠪᠠᠢᠨ᠎ᠠ᠃ ᠣᠨᠯᠠᠶ᠋ᠢᠨ ᠢᠶᠠᠷ  ᠴᠦ ᠣᠷᠤᠯᠴᠠᠵᠤ ᠪᠣᠯᠣᠨ᠎ᠠ᠃

ᠰᠠᠨᠠᠭᠠᠴᠢᠯᠠᠨ ᠡᠷᠬᠢᠯᠡᠭᠴᠢ᠄ ᠡᠮᠦᠨᠡᠲᠦ ᠮᠣᠩᠭᠣᠯ ᠤᠨ ᠶᠡᠬᠡ ᠬᠤᠷᠠᠯᠳᠠᠢ

ᠬᠠᠮᠲᠤᠷᠠᠨ ᠡᠷᠬᠢᠯᠡᠭᠴᠢ᠄ ᠳᠡᠯᠡᠬᠡᠢ ᠶᠢᠨ ᠮᠣᠩᠭᠣᠯᠴᠤᠳ ᠤᠨ ᠬᠣᠯᠪᠤᠭ᠎ᠠ( ᠶᠠᠫᠥᠨ)

ᠳᠡᠮᠵᠢᠭᠰᠡᠨ ᠪᠠᠢᠭᠤᠯᠤᠭ᠎ᠠ ᠄ ᠡᠮᠦᠨᠡᠲᠦ ᠮᠣᠩᠭᠤᠯ  ᠢ ᠳᠡᠮᠵᠢᠬᠦ ᠶᠠᠫᠣᠨᠴᠤᠳ ᠤᠨ ᠬᠤᠷᠠᠯ

ᠭᠠᠵᠠᠷ᠄ ᠶᠠᠫᠥᠨ ᠤᠯᠤᠰ ᠂ ᠨᠠᠭᠤᠶᠠ ᠬᠣᠲᠠ᠂  ᠸᠢᠨᠺᠦ  ᠠᠢᠴᠢ  906

ᠴᠠᠭ᠄2021 ᠣᠨ ᠤ 9 ᠳ᠋ᠦ᠋ᠭᠡᠷ  ᠰᠠᠷ᠎ᠠ  ᠶᠢᠨ4 ᠦ ᠡᠳᠦᠷ

14᠄00—16᠄00

ᠨᠢᠭᠡᠳᠦᠭᠡᠷ ᠬᠡᠰᠡᠭ   ᠲᠤᠰᠬᠠᠢ ᠰᠡᠳᠦᠪᠲᠦ ᠢᠯᠡᠳᠭᠡᠯ

<<ᠡᠬᠡ ᠬᠡᠯᠡ ᠪᠡᠨ ᠬᠠᠮᠠᠭᠠᠯᠠᠬᠤ ᠬᠦᠳᠡᠯᠭᠡᠭᠡᠨ ᠪᠣᠯᠣᠨ ᠳᠡᠯᠡᠬᠡᠢ ᠶᠢᠨ ᠤᠯᠤᠰ ᠲᠥᠷᠥ ᠶᠢᠨ ᠪᠠᠢᠳᠠᠯ ᠤᠨ ᠲᠤᠬᠠᠢ>>

ᠢᠯᠡᠳᠭᠡᠯ ᠬᠢᠭᠴᠢ᠄ ᠰ ᠂  ᠪᠤᠶᠠᠨᠲᠤ( ᠰ ᠂  ᠬᠥᠬᠡ)( ᠬᠠᠤᠯᠢ ᠵᠦᠢ ᠶᠢᠨ ᠤᠬᠠᠭᠠᠨ ᠤ ᠳ᠋ᠣᠺᠲ᠋ᠣᠷ᠂ ᠲᠤᠤᠶ᠋ᠢᠨ ᠶᠣᠺᠣᠬᠠᠮᠠ ᠶᠡᠬᠡ ᠰᠤᠷᠭᠠᠭᠤᠯᠢ ᠶᠢᠨ ᠪᠠᠭᠰᠢ )ᠭᠣᠣᠯ ᠪᠦᠲᠦᠭᠡᠯ ᠳᠦ ᠶᠠᠫᠥᠨ ᠬᠡᠯᠡ ᠪᠠᠷ 《内モンゴルから見た中国現代史》(集広舎、2015年)   ᠮᠣᠩᠭᠤᠯ ᠬᠡᠯᠡ ᠪᠡᠷ<<ᠥᠨᠳᠦᠷᠯᠢᠭ ᠨᠤᠲᠤᠭ>>(  ᠰᠢᠨ᠎ᠡ ᠥᠩᠭᠡ ᠨᠣᠮ ᠬᠡᠪᠯᠡᠯ᠂ 2019 ᠣᠨ ᠳᠡᠭᠡᠳᠦ᠂ ᠳᠣᠣᠷᠠᠳᠤ ᠪᠣᠳᠢ )᠂ <<ᠡᠷᠡᠨ ᠦ ᠰᠢᠪᠡᠨᠡᠭᠡ>>(  ᠰᠢᠨ᠎ᠡ ᠥᠩᠭᠡ ᠨᠣᠮ ᠬᠡᠪᠯᠡᠯ᠂ 2019 ᠣᠨ ᠳᠡᠭᠡᠳᠦ᠂ ᠳᠣᠣᠷᠠᠳᠤ ᠪᠣᠳᠢ ) ᠪᠠ ᠡᠷᠳᠡᠮ ᠰᠢᠨᠵᠢᠯᠡᠭᠡᠨ ᠦ ᠦᠭᠦᠯᠡᠯ ᠠᠷᠪᠠ ᠭᠠᠷᠤᠢ ᠪᠤᠢ᠃

ᠬᠣᠶᠠᠳᠤᠭᠠᠷ ᠬᠡᠰᠡᠭ    ᠴᠢᠯᠦᠭᠡᠲᠦ ᠬᠡᠯᠡᠯᠴᠡᠭᠦᠯᠭᠡ

ᠣ ᠂ ᠥᠷᠭᠡᠨ (ᠡᠮᠦᠨᠡᠲᠦ ᠮᠣᠩᠭᠤᠯ ᠤᠨ ᠶᠡᠬᠡ ᠬᠤᠷᠠᠯᠳᠠᠢ ᠶᠢᠨ ᠳᠡᠳ᠋ ᠳᠠᠷᠤᠭ᠎ᠠ)

ᠴ᠂  ᠮᠥᠩᠬᠡᠪᠠᠶᠠᠷ (ᠰᠡᠳᠭᠦᠯᠴᠢ᠂ ᠡᠮᠦᠨᠡᠲᠦ ᠮᠣᠩᠭᠤᠯ ᠤᠨ ᠶᠡᠬᠡ ᠬᠤᠷᠠᠯᠳᠠᠢ ᠶᠢᠨ ᠮᠣᠩᠭᠤᠯ ᠳᠠᠬᠢ ᠰᠠᠯᠪᠤᠷᠢ ᠶᠢᠨ ᠳᠠᠷᠤᠭ᠎ᠠ)

ᠬ ᠂  ᠨᠠᠷᠠᠰᠤ( ᠰᠧᠸ᠋ᠳᠧᠨ  ᠳᠠᠬᠢ ᠮᠣᠩᠭᠤᠯ ᠰᠣᠶᠣᠯ ᠤᠨ ᠬᠣᠯᠪᠣᠭᠠᠨ ᠤ ᠳᠠᠷᠤᠭ᠎ᠠ)

ᠴ ᠂  ᠵᠢᠷᠭᠠᠯ( ᠳᠡᠯᠡᠭᠡᠢ ᠶᠢᠨ ᠮᠣᠩᠭᠣᠯᠴᠤᠳ ᠤᠨ ᠬᠣᠯᠪᠤᠭᠠᠨ ᠤ ᠨᠡᠢᠭᠡᠮ ᠤᠯᠤᠰ ᠲᠥᠷᠦ ᠶᠢᠨ ᠬᠡᠯᠲᠡᠰ ᠦᠨ ᠳᠠᠷᠤᠭ᠎ᠠ)

ᠰ ᠂  ᠪᠣᠶᠠᠨᠲᠤ ( ᠰ ᠂  ᠬᠥᠬᠡ) ᠬᠠᠤᠯᠢ ᠵᠦᠢ ᠶᠢᠨ ᠤᠬᠠᠭᠠᠨ ᠤ ᠳ᠋ᠣᠺᠲ᠋ᠣᠷ᠂ ᠲᠤᠤᠶ᠋ᠢᠨ ᠶᠣᠺᠣᠬᠠᠮᠠ ᠶᠡᠬᠡ ᠰᠤᠷᠭᠠᠭᠤᠯᠢ ᠶᠢᠨ ᠪᠠᠭᠰᠢ