ᠡᠮᠦᠨᠡᠳᠦ ᠮᠣᠩᠭᠣᠯ ᠦ᠋ᠨ ᠶᠡᠬᠡ ᠬᠤᠷᠠᠯᠲᠠᠢ

5. 11 ᠢᠯᠡᠷᠬᠡᠢᠯᠡᠯᠲᠡ

《 5᠂ 11 ᠳᠡᠯᠡᠬᠡᠢ ᠶ᠋ᠢᠨ ᠡᠮᠦᠨᠡᠲᠦ ᠮᠣᠩᠭᠤᠯ  ᠤᠨ ᠡᠳᠦᠷ 》 ᠲᠦ᠍ ᠲᠣᠬᠢᠶᠠᠯᠳᠤᠭᠤᠯᠤᠨ

ᠡᠮᠦᠨᠡᠲᠦ ᠮᠣᠩᠭᠤᠯ ᠤᠨ ᠶᠡᠬᠡ ᠬᠤᠷᠠᠯᠳᠠᠢ ᠠ᠋ᠴᠠ ᠭᠠᠷᠭᠠᠭᠰᠠᠨ

ᠢᠯᠡᠷᠬᠡᠢᠯᠡᠯᠲᠡ

5 ᠳ᠋ᠤᠭᠠᠷ ᠰᠠᠷ᠎ᠠ ᠶ᠋ᠢᠨ 11 ᠤ᠋ ᠡᠳᠦᠷ ᠪᠣᠯ ᠦᠵᠦᠮᠦᠴᠢᠨ ᠵᠠᠯᠠᠭᠤ ᠮᠡᠷᠭᠡᠨ ᠤ᠋ ᠨᠤᠲᠤᠭ ᠪᠡᠯᠴᠢᠭᠡᠷ ᠢ᠋ᠶ᠋ᠠᠨ ᠬᠠᠮᠠᠭᠠᠯᠠᠬᠤ ᠶ᠋ᠢᠨ ᠲᠦᠯᠦᠭᠡ ᠨᠠᠰᠤ ᠨᠦᠭᠴᠢᠭᠰᠡᠨ ᠡᠳᠦᠷ ᠪᠣᠯᠬᠤ ᠶᠤᠮ᠃ ᠡᠨᠡ ᠵᠢᠯ  ᠤᠨ 5 ᠰᠠᠷ᠎ᠠ ᠶ᠋ᠢᠨ 11 ᠨᠢ ᠶᠠᠭ ᠪᠦᠬᠦᠯᠢ 10 ᠵᠢᠯ ᠤᠨ ᠣᠢ ᠪᠣᠯᠤᠨ᠎ᠠ᠃

 ᠡᠮᠦᠨᠡᠲᠦ ᠮᠣᠩᠭᠤᠯᠴᠤᠳ ᠪᠢᠳᠡ ᠬᠢᠲᠠᠳ ᠤᠨ ᠺᠣᠮᠮᠦᠨᠢᠰᠲ ᠨᠠᠮ ᠤᠨ ᠺᠣᠯᠣᠨᠢᠴᠢᠯᠠᠯ ᠳᠦ ᠣᠷᠤᠭᠠᠳ 74 ᠵᠢᠯ ᠪᠣᠯᠵᠤ ᠪᠠᠢᠨ᠎ᠠ᠃ 20 ᠳ᠋ᠤᠭᠠᠷ ᠵᠠᠭᠤᠨ ᠤ᠋ ᠡᠮᠦᠨ᠎ᠡ ᠬᠠᠭᠠᠰ ᠵᠠᠭᠤᠨ ᠤ᠋ ᠲᠤᠷᠰᠢ ᠡᠮᠦᠨᠡᠲᠦ ᠮᠣᠩᠭᠣᠯᠴᠤᠳ ᠥᠪᠡᠷᠰᠡᠳ ᠤᠨ ᠢ᠋ᠶ᠋ᠠᠨ ᠡᠵᠡᠨ ᠡᠷᠬᠡ᠂ ᠲᠤᠰᠠᠭᠠᠷ ᠲᠣᠭᠲᠠᠨᠢᠯ ᠤᠨ ᠢ᠋ᠶ᠋ᠠᠨ ᠲᠥᠯᠦᠭᠡ ᠲᠤᠤᠱᠲᠠᠢ ᠲᠡᠮᠡᠴᠡᠵᠦ ᠢᠷᠡᠭᠰᠡᠨ ᠪᠣᠯᠪᠠᠴᠤ ᠳᠡᠯᠡᠬᠡᠢ ᠶ᠋ᠢᠨ ᠤᠯᠤᠰ ᠲᠥᠷᠦ ᠶ᠋ᠢᠨ ᠡᠭᠡᠳᠡᠷᠡᠭᠡᠨ᠂ ᠬᠦᠴᠦᠷᠭᠡᠭ ᠤᠯᠤᠰ ᠤᠨ ᠬᠣᠣᠷᠣᠨ ᠪᠣᠳᠤᠯᠭ᠎ᠠ᠂ ᠳᠣᠷᠤᠢ ᠪᠠᠭᠠᠤᠷᠠᠢ ᠦᠨᠳᠦᠰᠦᠲᠡᠨ ᠢ᠋ ᠲᠠᠯᠠᠨ ᠬᠤᠪᠢᠶᠠᠯᠴᠠᠬᠤ ᠭᠡᠰᠡᠨ ᠬᠤᠤᠪᠢᠯᠳᠤᠭᠠᠨ ᠠ᠋ᠴᠠ ᠪᠣᠯᠵᠤ᠂ ᠡᠮᠦᠨᠡᠳᠦ ᠮᠣᠩᠭᠤᠯ ᠨᠢ ᠤᠷᠢᠳ ᠬᠣᠵᠢᠳ ᠭᠠᠮᠢᠩ ᠪᠣᠶᠤ ᠢᠷᠭᠡᠨ ᠤᠯᠤᠰ ᠤᠨ ᠡᠷᠬᠡᠰᠢᠶᠡᠯ ᠳᠦ᠂ ᠤᠳᠠᠯ ᠦᠭᠡᠢ ᠺᠣᠮᠮᠦᠨᠢᠰᠲ ᠪᠣᠶᠤ ᠬᠢᠲᠠᠳ ᠠᠷᠠᠳ ᠤᠯᠤᠰ ᠤᠨ ᠡᠷᠬᠡᠰᠢᠶᠡᠯ ᠳᠦ ᠣᠷᠤᠵᠠᠢ᠃ ᠢᠷᠭᠡᠨ ᠤᠯᠤᠰ ᠨᠢ ᠡᠮᠦᠨᠡᠲᠦ ᠮᠣᠩᠭᠤᠯ ᠨᠤᠲᠤᠭ ᠢ ᠶᠢᠰᠦᠨ ᠲᠡᠰᠢ ᠰᠠᠯᠭᠠᠨ ᠬᠤᠪᠢᠶᠠᠵᠤ ᠨᠣᠶᠠᠷᠬᠠᠵᠤ ᠪᠠᠢᠭᠰᠠᠨ ᠪᠣᠯ᠂ ᠺᠣᠮᠮᠦᠨᠢᠰᠲ ᠬᠢᠲᠠᠳ ᠨᠢ ᠬᠠᠷᠢᠨ ᠣᠯᠠᠨ ᠰᠠᠢᠬᠠᠨ ᠠᠮᠠᠯᠠᠯᠲᠠ ᠮᠡᠬᠡᠯᠡᠯᠲᠡ ᠪᠡᠷ ᠡᠮᠦᠨᠡᠲᠦ ᠮᠣᠩᠭᠤᠯᠴᠤᠳ ᠢ ᠬᠠᠭᠤᠷᠤᠨ ᠮᠡᠬᠡᠯᠡᠵᠦ ᠡᠷᠬᠡᠰᠢᠶᠡᠯ ᠳᠡᠬᠡᠨ ᠣᠷᠤᠭᠤᠯᠤᠭᠰᠠᠨ ᠪᠢᠯᠡ᠃

 ᠬᠢᠲᠠᠳ ᠠᠷᠠᠳ ᠤᠯᠤᠰ ᠤᠨ ᠺᠣᠮᠮᠤᠨᠢᠰᠲ ᠨᠠᠮ ᠊ᠤᠨ ᠡᠷᠬᠡᠰᠢᠶᠡᠯ ᠳᠣᠣᠷᠠᠬᠢ 74 ᠵᠢᠯ ᠦᠨ ᠬᠤᠭᠤᠴᠠᠭᠠᠨ ᠳᠤ᠂ 《 ᠭᠠᠵᠠᠷ ᠰᠢᠷᠣᠢ ᠶᠢᠨ ᠥᠭᠡᠷᠡᠴᠢᠯᠡᠯᠯᠲᠡ 》᠂ ᠬᠣᠷᠰᠢᠶᠠᠵᠢᠭᠤᠯᠤᠯᠲᠠ᠂ ᠪᠠᠷᠠᠭᠤᠨᠲᠠᠨ ᠲᠠᠢ ᠲᠡᠮᠡᠴᠡᠬᠦ᠂ ᠶᠡᠬᠡ ᠦᠰᠦᠷᠦᠩᠭᠦᠢ ᠳᠠᠪᠰᠢᠯᠲᠠ᠂ ᠰᠤᠶᠤᠯ ᠤᠨ ᠶᠡᠬᠡ ᠬᠤᠪᠢᠰᠬᠠᠯ ᠁ ᠵᠡᠷᠭᠡ ᠠᠯᠢ ᠨᠢᠭᠡ ᠤᠯᠤᠰ ᠲᠦᠷᠦ  ᠶᠢᠨ ᠬᠦᠳᠡᠯᠭᠡᠭᠡᠨ ᠨᠢ ᠡᠮᠦᠨᠡᠳᠦ ᠮᠣᠩᠭᠤᠯ ᠢ ᠲᠣᠭᠤᠷᠢᠵᠤ ᠭᠠᠷᠤᠭᠰᠠᠨ ᠦᠭᠡᠢ᠃ ᠡᠨᠡ ᠬᠦ ᠬᠤᠭᠤᠴᠠᠭᠠᠨ ᠳᠤ 30 ᠲᠦᠮᠡ ᠡᠴᠡ ᠳᠡᠭᠡᠭᠰᠢ ᠮᠣᠩᠭᠤᠯᠴᠤᠳ ᠦᠷᠡᠭᠳᠡᠵᠦ᠂ 100 ᠭᠠᠷᠤᠢ ᠲᠦᠮᠡᠨ ᠮᠣᠩᠭᠤᠯᠴᠤᠳ ᠬᠢᠯᠢᠰ ᠢᠶᠡᠷ ᠪᠠᠷᠢᠭᠳᠠᠨ᠂ ᠲᠠᠮᠤᠯᠠᠭᠳᠠᠵᠤ ᠪᠠᠢᠭᠰᠠᠨ᠃ ᠲᠡᠭᠦᠨ ᠦ ᠲᠠᠷᠠᠭ᠎ᠠ᠂ 《 ᠦᠭᠡᠷᠡᠴᠢᠯᠡᠯᠯᠳᠡ ᠬᠢᠵᠦ ᠴᠢᠯᠦᠭᠡᠲᠡᠢ ᠶᠠᠪᠤᠯᠴᠠᠬᠤ 》 ᠭᠡᠰᠡᠨ ᠪᠣᠳᠤᠯᠭ᠎ᠠ ᠶᠢᠨ ᠳᠣᠣᠷ᠎ᠠ ᠰᠢᠨ᠎ᠡ ᠺᠣᠯᠣᠨᠢᠴᠢᠯᠠᠯ ᠡᠬᠢᠯᠡᠵᠦ᠂ ᠮᠣᠩᠭᠤᠯᠴᠤᠳ ᠤᠨ ᠭᠠᠵᠠᠷ ᠨᠤᠲᠤᠭ ᠢ ᠪᠣᠯᠢᠶᠠᠨ᠂ ᠠᠮᠢᠳᠤᠷᠠᠬᠤ ᠶᠢᠨ ᠠᠷᠭ᠎ᠠ ᠦᠭᠡᠢ ᠪᠣᠯᠭᠠᠵᠠᠢ᠃ ᠡᠭᠦᠪᠡᠷ ᠵᠣᠭᠰᠣᠭ᠎ᠠ ᠦᠭᠡᠢ᠂ ᠨᠢᠳᠤᠨᠤᠨ ᠤ 9 ᠳ᠋ᠦ᠋ᠭᠡᠷ ᠰᠠᠷ᠎ᠠ ᠠᠴᠠ ᠡᠬᠢᠯᠡᠨ ᠪᠠᠭ᠎ᠠ ᠳᠤᠮᠳᠠᠳᠤ ᠰᠤᠷᠠᠭᠠᠭᠤᠯᠢ ᠶᠢᠨ ᠨᠡᠢᠭᠡᠮ ᠦᠨ ᠰᠢᠨᠵᠢᠯᠡᠬᠦ ᠤᠬᠠᠭᠠᠨ ᠤ ᠬᠢᠴᠢᠶᠡᠯ ᠦᠳ ᠢ ᠬᠢᠲᠠᠳ ᠢᠶᠠᠷ ᠬᠢᠴᠢᠶᠡᠯᠯᠡᠭᠦᠯᠬᠦ ᠪᠣᠯᠭᠠᠭᠰᠠᠨ ᠪᠠᠢᠨ᠎ᠠ᠃

74  ᠵᠢᠯ ᠦᠨ ᠲᠤᠷᠰᠢ ᠮᠣᠩᠭᠤᠯᠴᠤᠳ ᠲᠤ ᠶᠠᠪᠤᠭᠤᠯᠤᠭᠰᠠᠨ ᠬᠢᠲᠤᠯᠭ᠎ᠠ ᠪᠣᠯᠣᠨ ᠺᠣᠯᠣᠨᠢᠴᠢᠯᠠᠯ ᠨᠢ ᠶᠡᠷᠦ ᠡᠴᠡ ᠪᠠᠨ ᠵᠣᠭᠰᠣᠭ᠎ᠠ ᠦᠭᠡᠢ᠃ ᠰᠣᠶᠣᠯ ᠤᠨ ᠶᠡᠬᠡ ᠬᠤᠪᠢᠰᠬᠠᠯ ᠵᠡᠷᠭᠡ ᠤᠯᠤᠰ ᠲᠥᠷᠦ ᠶᠢᠨ ᠬᠦᠳᠡᠯᠭᠡᠭᠡᠨ ᠦ ᠳᠤᠮᠳᠠ ᠮᠣᠩᠭᠤᠯᠴᠤᠳ ᠤᠨ ᠠᠮᠢ ᠨᠠᠰᠤ᠂ ᠮᠢᠬ᠎ᠠ ᠴᠢᠰᠤᠨ  ᠳᠤ ᠬᠢᠲᠤᠯᠭ᠎ᠠ ᠬᠢᠵᠦ ᠪᠠᠢᠭᠰᠠᠨ ᠢᠶᠠᠨ᠂ ᠣᠳᠣ ᠬᠠᠷᠢᠨ ᠣᠶᠤᠨ ᠰᠠᠨᠠᠭ᠎ᠠ ᠪᠠ ᠬᠡᠯᠡ ᠰᠣᠶᠣᠯ ᠳᠤ ᠬᠢᠳᠤᠯᠭ᠎ᠠ ᠬᠢᠵᠦ ᠪᠠᠢᠭ᠎ᠠ ᠶᠤᠮ᠃ ᠡᠮᠦᠨᠡᠲᠦ ᠮᠣᠩᠭᠤᠯ ᠤᠨ ᠦᠶ᠎ᠡ ᠦᠶ᠎ᠡ ᠶᠢᠨ ᠰᠢᠯᠢᠳᠡᠭ ᠬᠦᠪᠡᠭᠦᠳ ᠦᠬᠢᠳ ᠢ ᠠᠯᠠᠨ ᠬᠢᠳᠤᠵᠤ᠂ ᠮᠣᠩᠭᠤᠯ ᠨᠤᠲᠤᠭ ᠤᠨ ᠪᠠᠶᠠᠯᠢᠭ ᠪᠦᠬᠦᠨ ᠢ ᠴᠦᠯᠪᠡᠨ᠂ ᠪᠠᠢᠭᠠᠯᠢ ᠠᠬᠤᠢ ᠶᠢ ᠡᠪᠳᠡᠨ ᠪᠤᠬᠢᠷᠳᠠᠭᠤᠯᠤᠭᠰᠠᠨ ᠢᠶᠠᠷ ᠦᠯᠦ ᠪᠠᠷᠠᠨ᠂ ᠣᠳᠣ ᠪᠣᠯᠬᠤ ᠳᠤ ᠮᠣᠩᠭᠤᠯ ᠬᠦᠮᠦᠨ ᠦ ᠭᠡᠵᠦ ᠬᠡᠯᠡᠵᠦ ᠪᠣᠯᠬᠤ ᠴᠣᠷ ᠤᠨ ᠭᠠᠭᠴᠠ ᠡᠬᠡ ᠬᠡᠯᠡ ᠶᠢ ᠴᠦ᠍ ᠤᠰᠠᠳᠬᠠᠬᠤ ᠭᠡᠵᠦ ᠪᠠᠢᠨ᠎ᠠ᠃ ᠦᠨᠳᠦᠰᠦᠲᠡᠨ ᠦ ᠦᠭᠡ ᠬᠡᠯᠡ ᠶᠢ ᠤᠰᠠᠳᠬᠠᠬᠤ ᠠᠵᠢᠯᠯᠠᠭ᠎ᠠ ᠪᠣᠯ ᠲᠡᠷᠡ ᠦᠨᠳᠦᠰᠦᠲᠡᠨ ᠦ ᠣᠶᠤᠨ ᠰᠠᠨᠠᠭ᠎ᠠ᠂ ᠠᠮᠢᠨ ᠰᠦᠨᠡᠰᠦ ᠶᠢ ᠪᠤᠰᠠᠨᠢᠭᠤᠯᠵᠤ ᠪᠠᠢᠭ᠎ᠠ ᠶᠠᠪᠤᠳᠠᠯ ᠪᠣᠯᠬᠤ ᠶᠤᠮ᠃ ᠨᠢᠭᠡ ᠦᠨᠳᠦᠰᠦᠲᠡᠨ ᠢ ᠤᠰᠠᠳᠬᠠᠬᠤ ᠭᠡᠰᠡᠨ ᠰᠣᠶᠤᠯ ᠤᠨ ᠬᠢᠳᠤᠯᠭ᠎ᠠ ᠪᠣᠯᠬᠤ ᠶᠤᠮ᠃

ᠨᠢᠭᠡᠳᠦᠭᠰᠡᠨ ᠦᠨᠳᠦᠰᠦᠲᠡᠨ ᠦ ᠪᠠᠢᠭᠤᠯᠤᠯᠭ᠎ᠠ ᠶᠢᠨ ᠪᠠᠢᠩᠭᠤ ᠶᠢᠨ ᠬᠡᠷᠡᠭ ᠡᠷᠬᠢᠯᠡᠭᠴᠢ ᠤᠯᠤᠰ ᠪᠣᠯᠤᠭᠰᠠᠨ ᠤ ᠬᠤᠪᠢ ᠳᠤ ᠣᠯᠠᠨ ᠤᠯᠤᠰ ᠤᠨ ᠬᠠᠤᠯᠢ ᠳᠦᠷᠢᠮ᠂ ᠬᠠᠮᠲᠤ` ᠶᠢᠨ ᠵᠠᠷᠴᠢᠮ ᠢ ᠬᠠᠮᠠᠭᠠᠯᠠᠬᠤ ᠪᠠᠢᠷᠢᠨ ᠳᠤ ᠪᠠᠢᠬᠤ ᠶᠣᠰᠤᠲᠠᠢ ᠬᠢᠲᠠᠳ ᠠᠷᠠᠳ ᠤᠯᠤᠰ ᠤᠨ ᠵᠠᠰᠠᠭ ᠨᠢ ᠣᠯᠠᠨ ᠤᠯᠤᠰ ᠤᠨ ᠬᠠᠮᠲᠤ ᠶᠢᠨ ᠵᠠᠷᠴᠢᠮ ᠢ ᠢᠯᠡᠳᠲᠡ ᠪᠦᠳᠦᠭᠦᠯᠢᠭ ᠢᠶᠡᠷ ᠵᠦᠷᠢᠴᠡᠵᠦ ᠪᠠᠢᠬᠤ ᠪᠠᠷ ᠦᠯᠦ ᠪᠠᠷᠠᠨ᠂ ᠦᠪᠡᠷ ᠦᠨ ᠤᠯᠤᠰ ᠤᠨ ᠢᠶᠡᠨ ᠦᠨᠳᠦᠰᠦᠨ ᠬᠠᠤᠯᠢ ᠳᠤ ᠪᠡᠨ ᠵᠢᠭᠠᠭᠰᠠᠨ 《 ᠠᠯᠢᠪᠠ ᠦᠨᠳᠦᠰᠦᠲᠡᠨ ᠡᠷᠬᠡ ᠲᠡᠭᠰᠢ ᠪᠠᠢᠬᠤ 》 ᠭᠡᠰᠡᠨ ᠵᠣᠷᠪᠤᠰ ᠢᠶᠡᠨ ᠴᠦ᠍ ᠨᠤᠬᠤᠴᠢᠨ ᠵᠦᠷᠢᠴᠡᠵᠦ ᠪᠠᠢᠭ᠎ᠠ ᠶᠤᠮ᠃

 ᠡᠮᠦᠨᠡᠳᠦ ᠮᠣᠩᠭᠤᠯ ᠤᠨ ᠶᠡᠬᠡ ᠬᠤᠷᠠᠯᠳᠠᠢ ᠨᠢ ᠡᠷᠬᠡ ᠴᠢᠯᠦᠭᠡ᠂ ᠬᠦᠮᠦᠨ ᠦ ᠡᠷᠬᠡ᠂ ᠠᠷᠠᠳᠴᠢᠯᠠᠯ᠂ ᠴᠢᠨᠠᠭᠰᠢᠯᠠᠨ ᠦᠨᠳᠦᠰᠦᠲᠡᠨ ᠦ ᠡᠵᠡᠨ ᠮᠡᠳᠡᠬᠦ ᠡᠷᠬᠡ ᠵᠡᠷᠭᠡ ᠳᠡᠯᠡᠬᠡᠢ ᠨᠡᠢᠲᠡ ᠶᠢᠨ ᠬᠠᠮᠲᠤ ᠶᠢᠨ ᠦᠵᠡᠯᠲᠡ ᠲᠠᠨᠢᠯᠲᠠ ᠶᠢ ᠮᠦᠷᠳᠡᠨ ᠳᠠᠭᠠᠬᠤ ᠮᠦᠷᠲᠡᠭᠡᠨ ᠡᠨᠡ ᠨᠢ ᠰᠠᠶ᠋ᠢ ᠬᠦᠮᠦᠨ ᠲᠦᠷᠦᠯᠬᠢᠲᠡᠨ ᠦ ᠨᠡᠢᠭᠡᠮ ᠦᠨ ᠬᠦᠭᠵᠢᠯ ᠦᠨ ᠬᠠᠨᠲᠣᠰᠢ ᠮᠦᠨ ᠬᠡᠮᠡᠨ ᠢᠲᠡᠭᠡᠨ ᠦᠨᠡᠮᠰᠢᠵᠦ ᠪᠤᠢ᠃ ᠡᠢᠮᠦ ᠶᠢᠨ ᠲᠤᠯᠠ᠂ ᠬᠦᠴᠦᠷᠬᠡᠢᠯᠡᠯ ᠳᠠᠷᠤᠩᠭᠤᠢᠯᠠᠯ ᠢᠶᠠᠷ ᠬᠢᠳᠤᠯᠭ᠎ᠠ ᠶᠠᠪᠤᠭᠤᠯᠳᠠᠭ᠂ ᠦᠨᠳᠦᠰᠦᠲᠡᠨ ᠦ ᠰᠣᠶᠤᠯ ᠤᠯᠠᠮᠵᠢᠯᠠᠯ᠂ ᠢᠲᠡᠭᠡᠯ ᠦᠨᠡᠮᠰᠢᠯ ᠢ ᠤᠯᠠ ᠳᠣᠣᠷ᠎ᠠ ᠪᠠᠨ ᠭᠢᠰᠭᠢᠵᠦ ᠪᠠᠢᠭ᠎ᠠ ᠬᠢᠲᠠᠳ ᠤᠨ ᠺᠣᠮᠮᠦᠨᠢᠰᠲ ᠵᠠᠰᠠᠭ ᠲᠡᠢ ᠡᠭᠦᠷᠢᠳᠡ ᠡᠪᠯᠡᠷᠡᠵᠦ ᠳᠡᠢᠯᠬᠦ ᠦᠭᠡᠢ᠃

《 5. 11 》 ᠨᠢ 74 ᠵᠢᠯ ᠦᠨ ᠲᠤᠷᠰᠢ ᠺᠣᠮᠮᠦᠨᠢᠰᠲ ᠬᠢᠲᠠᠳ ᠤᠨ ᠺᠣᠯᠣᠨᠢᠴᠢᠯᠠᠯ ᠳᠤ ᠳᠠᠷᠤᠯᠠᠭᠳᠠᠵᠤ ᠢᠷᠡᠭᠰᠡᠨ ᠡᠮᠦᠨᠡᠲᠦ ᠮᠣᠩᠭᠤᠯᠴᠤᠳ ᠲᠤ ᠶᠠᠭᠤ ᠨᠢᠭᠡ ᠶᠢ ᠰᠠᠨᠠᠭᠤᠯᠬᠤ ᠡᠳᠦᠷ ᠪᠠᠢᠬᠤ ᠶᠣᠰᠤᠲᠠᠢ᠃ ᠪᠢᠳᠡ ᠡᠶᠡᠯᠳᠦᠨ ᠳᠠᠭᠠᠵᠤ ᠠᠭᠣᠰᠤᠨ ᠮᠦᠬᠦᠬᠦ ᠦᠦ᠂ ᠡᠷᠬᠡ ᠴᠢᠯᠦᠭᠡᠨ ᠦ ᠪᠡᠨ ᠲᠦᠯᠦᠭᠡ ᠡᠰᠡᠷᠭᠦᠴᠡᠨ ᠲᠡᠮᠡᠴᠡᠬᠦ ᠦᠦ? ᠠᠷᠪᠠᠨ ᠵᠢᠯ ᠦᠨ ᠡᠮᠦᠨ᠎ᠡ ᠨᠠᠰᠤ ᠪᠠᠷᠠᠬᠤ ᠳᠠᠭᠠᠨ ᠮᠡᠷᠭᠡᠨ ᠲᠦᠭ ᠲᠦᠮᠡᠨ ᠡᠮᠦᠨᠡᠲᠦ ᠮᠣᠩᠭᠤᠯᠴᠤᠳ ᠢ ᠳᠠᠭᠤᠳᠠᠨ ᠰᠡᠷᠢᠭᠡᠵᠦ ᠪᠢᠯᠡ᠃ ᠠᠮᠢ ᠨᠠᠰᠤ ᠪᠠᠷ ᠢᠶᠠᠨ ᠮᠡᠷᠭᠡᠨ ᠪᠢᠳᠡᠨ ᠳᠦ ᠶᠠᠭᠤ ᠬᠡᠯᠡᠵᠦ ᠮᠡᠳᠡᠭᠦᠯᠦᠭᠰᠡᠨ ᠢ ᠪᠢᠳᠡ ᠶᠠᠭᠠᠬᠢᠭᠰᠠᠨ ᠴᠤ᠌ ᠮᠠᠷᠳᠠᠵᠤ ᠪᠣᠯᠬᠤ ᠦᠭᠡᠢ᠃ 《 5. 11 》 ᠨᠢ ᠡᠮᠦᠨᠡᠳᠦ ᠮᠣᠩᠭᠤᠯᠴᠤᠳ ᠤᠨ ᠮᠠᠷᠲᠠᠵᠤ ᠪᠣᠯᠣᠰᠢ ᠦᠭᠡᠢ ᠡᠳᠦᠷ ᠪᠠᠢᠬᠤ ᠶᠣᠰᠤᠲᠠᠢ᠃ ᠲᠡᠢᠮᠦ ᠤᠴᠢᠷ ᠠᠴᠠ ᠡᠮᠦᠨᠡᠲᠦ ᠮᠣᠩᠭᠤᠯ ᠤᠨ ᠶᠡᠬᠡ ᠬᠤᠷᠠᠯᠳᠠᠢ ᠠᠴᠠ ᠲᠤᠰ ᠡᠳᠦᠷ ᠢ 《 ᠡᠮᠦᠨᠡᠲᠦ ᠮᠣᠩᠭᠤᠯ ᠤᠨ ᠡᠳᠦᠷ 》 ᠪᠣᠯᠭᠠᠰᠤᠭᠠᠢ ᠬᠡᠮᠡᠨ ᠬᠦᠰᠡᠨ ᠤᠷᠢᠶᠠᠯᠠᠵᠤ ᠪᠤᠢ᠂ ᠮᠦᠨ ᠴᠤ᠌ ᠬᠦᠮᠦᠨ ᠦ ᠡᠷᠬᠡ ᠰᠢᠳᠤᠷᠭᠤ ᠶᠣᠰᠤ ᠶᠢ ᠳᠡᠭᠡᠳᠦᠯᠡᠳᠡᠭ ᠳᠠᠶᠠᠩ ᠳᠡᠯᠡᠬᠡᠢ ᠶᠢᠨ ᠣᠯᠣᠰ ᠣᠷᠣᠨ ᠤ ᠬᠢᠨ ᠦ ᠳᠡᠮᠵᠢᠯᠭᠡ᠂ ᠵᠢᠴᠢ ᠡᠮᠦᠨᠡᠲᠦ ᠮᠣᠩᠭᠤᠯᠴᠤᠳ ᠪᠢᠳᠡ ᠬᠠᠷᠢᠯᠴᠠᠨ ᠳᠡᠮᠵᠢᠯᠴᠡᠬᠦ ᠪᠦᠯᠭᠦᠮᠳᠡᠯ ᠦᠨ ᠡᠳᠦᠷ ᠪᠠᠢᠬᠤ ᠶᠣᠰᠤᠲᠠᠢ ᠬᠡᠮᠡᠨ ᠦᠵᠡᠵᠦ 《 ᠪᠦᠬᠦ ᠳᠡᠯᠡᠬᠡᠢ ᠶᠢᠨ ᠡᠮᠦᠨᠡᠲᠦ ᠮᠣᠩᠭᠤᠯ ᠢ ᠳᠡᠮᠵᠢᠬᠦ ᠡᠳᠦᠷ 》 ᠪᠣᠯᠭᠠᠬᠤ ᠪᠠᠷ ᠳᠠᠬᠢᠨᠲᠠ ᠤᠷᠢᠶᠠᠯᠠᠵᠤ ᠪᠠᠢᠨ᠎ᠠ᠃

 ᠤᠳᠠᠯ ᠦᠭᠡᠢ ᠪᠣᠯᠬᠤ ᠭᠡᠵᠦ ᠪᠠᠢᠭ᠎ᠠ 《 5. 11 》 ᠳ᠋ᠦ᠍ ᠳᠣᠬᠢᠶᠠᠯᠳᠤᠭᠤᠯᠤᠨ᠂ ᠪᠢᠳᠡ ᠬᠢᠲᠠᠳ ᠤᠨ ᠵᠠᠰᠠᠭ ᠲᠤ ᠳᠠᠷᠠᠭᠠᠬᠢ ᠵᠤᠢᠯ ᠤ᠋ᠳ ᠢ᠋ ᠲᠥᠪ ᠴᠢᠩᠭ᠎ᠠ ᠪᠠᠷ ᠲᠤᠯᠭᠠᠨ ᠱᠠᠭᠠᠷᠳᠠᠵᠤ ᠪᠠᠢᠨ᠎ᠠ᠃

◆ ᠬᠢᠲᠠᠳ ᠤᠨ ᠵᠠᠰᠠᠭ ᠨᠢ ᠡᠮᠦᠨᠡᠲᠦ ᠮᠣᠩᠭᠤᠯᠴᠤᠳ ᠤᠨ ᠡᠬᠡ ᠬᠡᠯᠡ ᠶᠢ ᠤᠰᠠᠳᠬᠠᠵᠤ ᠪᠠᠢᠭ᠎ᠠ ᠰᠣᠶᠤᠯ ᠤᠨ ᠬᠢᠲᠤᠯᠭ᠎ᠠ ᠪᠠᠨ ᠳᠠᠷᠤᠢ ᠲᠦᠷᠭᠡᠨ ᠵᠣᠭᠰᠣᠭᠠᠨ᠂ ᠰᠣᠶᠤᠯ ᠤᠨ ᠣᠯᠠᠨ ᠲᠠᠯᠠᠲᠤ ᠰᠢᠨᠵᠢ ᠶᠢ ᠬᠦᠨᠳᠦᠳᠬᠡᠨ᠂ ᠨᠡᠢᠲᠡ ᠶᠢᠨ ᠰᠤᠷᠭᠠᠭᠤᠯᠢ ᠪᠣᠯᠪᠠᠰᠤᠷᠠᠯ ᠦᠨ ᠬᠦᠷᠢᠶᠡᠨ ᠳᠠᠬᠢ ᠪᠦᠬᠦ ᠲᠦᠷᠦᠯ ᠢ ᠮᠣᠩᠭᠤᠯ ᠬᠡᠯᠡ ᠪᠡᠷ ᠢᠶᠡᠨ ᠵᠢᠭᠠᠬᠤ ᠶᠢ ᠨᠢ ᠰᠡᠷᠭᠦᠭᠡᠨ ᠥᠭᠬᠦ ᠶᠢ ᠴᠢᠩᠭ᠎ᠠ ᠱᠠᠭᠠᠷᠳᠠᠵᠤ ᠪᠠᠢᠨ᠎ᠠ᠃

◆ ᠬᠢᠲᠠᠳ ᠤᠨ ᠵᠠᠰᠠᠭ ᠨᠢ᠂ ᠬᠢᠲᠠᠳ ᠢᠷᠭᠡᠳ ᠦᠨ ᠡᠮᠦᠨᠡᠳᠦ ᠮᠣᠩᠭᠤᠯ ᠳᠤ ᠳᠤᠷ᠎ᠠ ᠪᠠᠷ ᠨᠡᠭᠦᠳᠡᠯᠯᠡᠨ ᠢᠷᠡᠬᠦ ᠶᠢ ᠳᠠᠷᠦᠢ ᠲᠦᠷᠭᠡᠨ ᠵᠣᠭᠰᠣᠭᠠᠨ᠂ ᠡᠮᠦᠨᠡᠳᠦ ᠮᠣᠩᠭᠤᠯᠴᠤᠳ ᠪᠢᠳᠡᠨ ᠦ ᠬᠦᠮᠦᠨ ᠦ ᠡᠷᠬᠡ ᠪᠣᠯᠤᠨ ᠡᠵᠡᠨ ᠮᠡᠳᠡᠬᠦ ᠡᠷᠬᠡ ᠶᠢ ᠪᠤᠴᠠᠭᠠᠨ ᠥᠭᠬᠦ ᠶᠢ ᠱᠠᠭᠠᠷᠳᠠᠵᠤ ᠪᠠᠢᠨ᠎ᠠ᠃

◆ ᠡᠮᠦᠨᠡᠲᠦ ᠮᠣᠩᠭᠤᠯᠴᠤᠳ ᠤᠨ ᠡᠬᠡ ᠬᠡᠯᠡ ᠪᠡᠨ ᠬᠠᠮᠠᠭᠠᠯᠠᠬᠤ ᠶᠠᠪᠤᠳᠠᠯ ᠪᠣᠯ ᠪᠦᠭᠦᠳᠡ ᠨᠠᠢᠷᠠᠮᠳᠠᠬᠤ ᠬᠢᠲᠠᠳ ᠠᠷᠠᠳ ᠤᠯᠤᠰ ᠦᠨ 《 ᠦᠨᠳᠦᠰᠦᠨ ᠬᠠᠤᠯᠢ 》 ᠳ᠋ᠠᠭᠠᠨ ᠴᠦ᠍ ᠵᠥᠪᠰᠢᠶᠡᠷᠡᠭᠰᠡᠨ ᠵᠦᠢ ᠶᠣᠰᠣᠨ ᠤ ᠡᠷᠬᠡ ᠪᠣᠯᠬᠤ ᠶᠤᠮ᠃ ᠬᠠᠤᠯᠢ ᠪᠣᠰᠤ ᠪᠠᠷ ᠪᠠᠷᠢᠪᠴᠢᠯᠠᠭᠰᠠᠨ ᠮᠣᠩᠭᠤᠯᠴᠤᠳ ᠢ ᠳᠠᠷᠤᠢ ᠲᠦᠷᠭᠡᠨ ᠰᠤᠯᠠᠯᠠᠨ᠂ ᠲᠡᠳᠡᠨᠦᠰ ᠦᠨ ᠪᠡᠶ᠎ᠡ ᠰᠡᠳᠭᠢᠯ ᠳᠦ ᠤᠴᠠᠷᠠᠭᠤᠯᠤᠭᠰᠠᠨ ᠬᠣᠬᠢᠷᠠᠯ ᠢ ᠨᠢ ᠲᠦᠯᠦᠵᠦ ᠥᠭᠬᠦ ᠶᠢ ᠲᠥᠪ ᠴᠢᠩᠭ᠎ᠠ ᠪᠠᠷ ᠲᠤᠯᠭᠠᠨ ᠱᠠᠭᠠᠷᠳᠠᠵᠤ ᠪᠠᠢᠨ᠎ᠠ᠃

◆ ᠥᠨᠦᠳᠦᠷ ᠱᠣᠷᠤᠩ ᠳᠤ ᠬᠣᠷᠢᠭᠳᠠᠵᠤ ᠪᠠᠢᠭ᠎ᠠ ᠶᠠᠩᠵᠢᠨᠳᠤᠯᠮ᠎ᠠ ᠪᠣᠯᠤᠨ ᠪᠣᠰᠤᠳ ᠲᠡᠮᠡᠴᠡᠭᠴᠢᠳ ᠢ ᠰᠤᠯᠠᠯᠠ᠂ ᠭᠡᠷ ᠦᠨ ᠬᠣᠷᠢᠭ᠎ᠠ ᠶᠢ ᠵᠣᠭᠰᠣᠭ᠎ᠠ ᠭᠡᠵᠦ ᠪᠢᠳᠡ ᠱᠠᠭᠠᠷᠳᠠᠵᠤ ᠪᠠᠢᠨ᠎ᠠ᠃

◆ ᠡᠮᠦᠨᠡᠳᠦ ᠮᠣᠩᠭᠤᠯ ᠳᠦ ᠶᠠᠪᠤᠭᠤᠯᠵᠤ ᠪᠠᠢᠭ᠎ᠠ ᠺᠣᠯᠣᠨᠢᠴᠢᠯᠠᠯ ᠤᠨ ᠪᠣᠳᠤᠯᠭ᠎ᠠ ᠪᠡᠨ ᠵᠣᠭᠰᠤᠭᠠᠬᠤ ᠶᠢ ᠪᠢᠳᠡ ᠱᠠᠭᠠᠷᠳᠠᠵᠤ ᠪᠠᠢᠨ᠎ᠠ᠃

ᠮᠦᠨ ᠴᠦ᠍ ᠲᠡᠯᠡᠬᠡᠢ ᠳ᠋ᠠᠬᠢᠨ ᠤ ᠣᠯᠣᠰ ᠭᠦᠷᠦᠨ ᠨᠦᠭᠥᠳ ᠲᠦ ᠳᠠᠷᠠᠭᠠᠬᠢ ᠵᠦᠢᠯ ᠢ ᠤᠷᠢᠶᠠᠯᠠᠵᠤ ᠪᠠᠢᠨ᠎ᠠ᠃

◆ ᠪᠢᠳᠡ ᠳᠠᠶᠠᠩ ᠳᠡᠯᠡᠬᠡᠢ ᠶᠢᠨ ᠤᠯᠤᠰ ᠣᠷᠤᠨ ᠳᠦ ᠡᠮᠦᠨᠡᠲᠦ ᠮᠣᠩᠭᠤᠯ ᠳᠡᠬᠢ ᠪᠠᠢᠭᠠᠯᠢ ᠣᠷᠴᠢᠨ ᠤ ᠲᠠᠯᠬᠢᠯᠤᠭ᠎ᠠ ᠪᠣᠯᠤᠨ ᠡᠮᠦᠨᠡᠳᠦ ᠮᠣᠩᠭᠤᠯᠴᠤᠳ ᠪᠢᠳᠡᠨ ᠦ ᠡᠬᠡ ᠬᠡᠯᠡ᠂ ᠲᠡᠦᠬᠡ ᠰᠣᠶᠤᠯ ᠢ ᠮᠢᠨᠢ ᠪᠠᠯᠠᠯᠤᠨ ᠤᠰᠠᠳᠬᠠᠵᠤ ᠪᠠᠢᠭ᠎ᠠ ᠬᠢᠲᠠᠳ ᠤᠨ ᠲᠥᠷᠦ ᠶᠢᠨ ᠪᠣᠳᠤᠯᠭ᠎ᠠ ᠪᠣᠯᠬᠤ 《 ᠰᠣᠶᠤᠯ ᠤᠨ ᠬᠢᠲᠤᠯᠭ᠎ᠠ 》 ᠪᠠᠨ ᠬᠢᠲᠠᠳ ᠤᠨ ᠵᠠᠰᠠᠭ ᠳᠠᠷᠤᠢ ᠲᠥᠷᠭᠡᠨ ᠵᠣᠭᠰᠤᠭᠠᠬᠤ ᠶ᠋ᠢ ᠲᠤᠯᠭᠠᠨ ᠱᠠᠭᠠᠷᠳᠠᠭᠠᠷᠠᠢ ᠬᠡᠮᠡᠨ ᠰᠠᠨᠠᠭᠠᠴᠢᠯᠠᠨ ᠤᠷᠢᠶᠠᠯᠠᠬᠤ ᠶ᠋ᠢᠨ ᠬᠠᠮᠲᠤ᠂ ᠬᠡᠷᠪᠡ ᠬᠢᠲᠠᠳ ᠤᠨ ᠵᠠᠰᠠᠭ ᠨᠢ ᠡᠨᠡ ᠬᠦ᠌ ᠱᠠᠭᠠᠷᠳᠠᠯᠭ᠎ᠠ ᠶ᠋ᠢ ᠬᠦᠯᠢᠶᠡᠨ ᠵᠦᠪᠰᠢᠶᠡᠷᠡᠬᠦ ᠦᠭᠡᠢ ᠶᠤᠮ ᠪᠣᠯ 2022 ᠣᠨ ᠤ ᠪᠡᠭᠡᠵᠢᠩ ᠤᠨ ᠡᠪᠦᠯ ᠤᠨ ᠣᠯᠢᠮᠫᠢᠺ ᠤᠨ ᠨᠠᠭᠠᠳᠤᠮ ᠳᠤ ᠣᠷᠣᠯᠴᠠᠬᠤ ᠠᠴᠠ ᠲᠠᠳᠠᠭᠠᠯᠵᠠᠬᠤ  ᠪᠣᠶᠣ ᠡᠷᠬᠢᠯᠡᠨ ᠬᠢᠬᠦ ᠶ᠋ᠢ ᠴᠦ᠍ ᠵᠣᠭᠰᠤᠭᠠᠬᠤ᠂ ᠡᠰᠡᠪᠡᠯ ᠠᠵᠤ ᠠᠬᠤᠢ ᠶᠢᠨ ᠵᠠᠯᠬᠠᠭᠠᠯ ᠶᠠᠪᠤᠭᠤᠯᠬᠤ ᠪᠣᠯᠤᠨ᠎ᠠ ᠭᠡᠳᠡᠭ  ᠢᠶᠠᠨ ᠲᠤᠩᠬᠠᠭᠯᠠᠭᠠᠷᠠᠢ ᠭᠡᠵᠦ ᠬᠦᠰᠡᠵᠦ ᠪᠠᠢᠨ᠎ᠠ᠃

ᠡᠮᠦᠨᠡᠲᠦ ᠮᠣᠩᠭᠤᠯ ᠤᠨ ᠶᠡᠬᠡ ᠬᠤᠷᠠᠯᠳᠠᠢ

2021.5.5