2025 03 26
3.22 ᠡᠮᠦᠨᠡᠲᠦ ᠮᠣᠩᠭᠣᠯ᠂ ᠲᠥᠪᠡᠳ᠂ ᠥᠢᠭᠤᠷ᠂ ᠬᠣᠩᠺᠣᠩ ᠤᠨ ᠬᠢᠨ ᠬᠢᠲᠠᠳ ᠤᠨ ᠭᠠᠳᠠᠭᠠᠳᠤ ᠬᠡᠷᠡᠭ ᠦᠨ ᠰᠠᠶᠢᠳ ᠸᠠᠩ ᠶᠢ ᠶᠢ ᠶᠠᠫᠣᠨ  ᠳᠦ ᠢᠷᠡᠬᠦ ᠳᠦ ᠨᠢ ᠡᠰᠡᠷᠭᠦᠴᠡᠯ ᠢᠯᠡᠷᠬᠡᠶᠢᠯᠡᠪᠡ

ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠤᠯᠤᠰ ᠲᠥᠷᠦ ᠶᠢᠨ ᠲᠣᠪᠴᠢᠶᠠᠨ ᠤ ᠭᠡᠰᠢᠭᠦᠨ ᠪᠥᠭᠡᠳ ᠭᠠᠳᠠᠭᠠᠳᠤ ᠬᠡᠷᠡᠭ ᠦᠨ ᠰᠠᠶᠢᠳ ᠸᠠᠩ ᠶᠢ ᠶᠢᠨ ᠶᠠᠫᠣᠨ ᠳᠤ ᠬᠢᠭᠰᠡᠨ ᠠᠶᠢᠯᠴᠢᠯᠠᠯ ᠢ ᠲᠣᠬᠢᠶᠠᠯᠳᠤᠭᠤᠯᠤᠨ ᠂ ᠬᠢᠲᠠᠳ ᠤᠨ ᠳᠠᠷᠤᠮᠲᠠ ᠳᠠᠷᠤᠯᠠᠯ ᠬᠠᠪᠴᠢᠯᠭ᠎ᠠ ᠳᠠᠷᠤᠯᠠᠯ ᠳᠠᠷᠤᠮᠲᠠ ᠳᠤ ᠪᠠᠶᠢᠭ᠎ᠠ ᠡᠮᠦᠨᠡᠲᠦ ᠮᠣᠩᠭᠣᠯ᠂ ᠲᠥᠪᠡᠳ᠂ ᠥᠢᠭᠤᠷ᠂ ᠬᠣᠩᠺᠣᠩ ᠤᠨ ᠬᠢᠨ ᠡᠰᠡᠷᠭᠦᠴᠡᠯ ᠤᠨ ᠬᠦᠳᠡᠯᠭᠡᠭᠡᠨ ᠵᠣᠬᠢᠶᠠᠨ ᠪᠠᠶᠢᠭᠤᠯᠵᠠᠢ᠃

ᠲᠤᠰ ᠰᠠᠷ᠎ᠠ ᠶᠢᠨ22 ᠦ ᠡᠳᠦᠷ ᠶᠠᠫᠣᠨ᠂  ᠰᠣᠯᠣᠩᠭᠣᠰ᠂ ᠬᠢᠲᠠᠳ ᠤᠨ ᠭᠠᠳᠠᠭᠠᠳᠤ ᠬᠡᠷᠡᠭ ᠦᠨ ᠰᠠᠶᠢᠳ ᠨᠠᠷ ᠤᠨ ᠠᠭᠤᠯᠵᠠᠯᠲᠠ ᠨᠢ ᠶᠠᠫᠣᠨ ᠭᠠᠳᠠᠭᠠᠳᠤ ᠬᠡᠷᠡᠭ ᠶᠠᠮᠤᠨ ᠤ ᠳᠡᠷᠭᠡᠲᠡᠬᠢ ᠢᠲ᠋ᠠᠺᠦᠷᠠ ᠣᠷᠳᠣᠨ ᠳᠤ ᠪᠣᠯᠣᠭᠰᠠᠨ ᠪᠠᠶᠢᠨ᠎ᠠ᠃ ᠡᠭᠦᠨ ᠳᠦ  ᠲᠣᠬᠢᠶᠠᠯᠳᠤᠭᠤᠯᠤᠨ ᠡᠮᠦᠨᠡᠲᠦ ᠮᠣᠩᠭᠣᠯ᠂ ᠲᠥᠪᠡᠳ᠂ ᠥᠢᠭᠤᠷ᠂ ᠬᠣᠩᠺᠣᠩ ᠤᠨ ᠬᠢᠨ ᠡᠰᠡᠷᠭᠦᠴᠡᠯ ᠬᠢᠨ<< ᠬᠢᠲᠠᠳ ᠤᠨ ᠵᠠᠰᠠᠭ  ᠬᠦᠮᠦᠨ ᠦ ᠡᠷᠬᠡ ᠶᠢᠨ ᠳᠠᠷᠤᠮᠲᠠ᠂ ᠦᠨᠳᠦᠰᠦᠲᠡᠨ ᠶᠠᠰᠤᠲᠠᠨ ᠢ ᠭᠠᠨᠳᠠᠭᠤᠷᠬᠠᠨ ᠳᠠᠷᠤᠩᠭᠣᠶᠢᠯᠠᠬᠤ ᠪᠠᠨ ᠵᠣᠭᠰᠣᠭ᠎ᠠ>> ᠬᠡᠮᠡᠨ ᠱᠠᠭᠠᠷᠳᠠᠵᠠᠢ᠃ ᠡᠰᠡᠷᠭᠦᠴᠡᠯ ᠦᠨ ᠴᠤᠭᠯᠠᠭᠠᠨ ᠳᠤ ᠣᠷᠣᠯᠴᠠᠭᠰᠠᠳ ᠦᠳᠡ ᠶᠢᠨ ᠡᠮᠦᠨ᠎ᠡ  ᠴᠢᠩᠭ᠎ᠠ ᠬᠠᠮᠠᠭᠠᠯᠠᠯᠺᠲᠠ ᠲᠠᠢ ᠢᠲ᠋ᠠᠺᠦᠷᠠ ᠣᠷᠳᠣᠨ  ᠠᠴᠠ ᠬᠡᠳᠦᠨ ᠵᠠᠭᠤᠨ ᠮᠧᠲᠷ ᠦᠨ ᠴᠠᠭᠠᠨ᠎ᠠ ᠴᠠᠭᠳᠠᠭ᠎ᠠ ᠨᠠᠷ ᠤᠨ ᠬᠠᠮᠠᠭᠠᠯᠠᠯᠲᠠ ᠳᠣᠣᠷ᠎ᠠ ᠡᠰᠡᠷᠭᠦᠡᠯ ᠢᠯᠡᠷᠬᠡᠶᠢᠯᠡᠨ᠂ ᠦᠳᠡ ᠶᠢᠨ ᠬᠣᠶᠢᠨ᠎ᠠ ᠬᠢᠲᠠᠳ ᠤᠨ ᠡᠯᠴᠢᠨ ᠦ ᠡᠮᠦᠨ᠎ᠡ ᠡᠰᠡᠷᠭᠦᠴᠡᠯ ᠬᠢᠭᠰᠡᠨ ᠪᠠᠶᠢᠨ᠎ᠠ᠃(photo by Mori)

info@southmongolia.org