10.19≪ᠮᠣᠩᠭᠣᠯ᠂ ᠲᠥᠪᠡᠳ ᠊ᠤᠨ ᠭᠡᠷ᠎ᠡ ᠶᠢᠨ 110 ᠵᠢᠯ ᠊ᠤᠨ ᠣᠢ ᠳ᠋ᠤ᠌ ᠵᠣᠷᠢᠭᠤᠯᠤᠭᠰᠠᠨ ᠣᠯᠠᠨ ᠤᠯᠤᠰ ᠊ᠤᠨ ᠡᠷᠳᠡᠮ ᠰᠢᠨᠵᠢᠯᠡᠭᠡᠨ ᠦ ᠬᠤᠷᠠᠯ ᠤᠨ ᠦᠭᠦᠯᠡᠯ ᠊ᠤᠨ ᠲᠡᠭᠦᠪᠦᠷᠢ≫ ᠬᠡᠪᠯᠡᠭᠳᠡᠭᠰᠡᠨ ᠦ ᠳᠤᠷᠠᠰᠬᠠᠯ ᠤᠨ  ᠬᠤᠷᠠᠯ

≪ᠮᠣᠩᠭᠣᠯ᠂ ᠲᠥᠪᠡᠳ ᠊ᠤᠨ ᠭᠡᠷ᠎ᠡ ᠶᠢᠨ 110 ᠵᠢᠯ ᠊ᠤᠨ ᠣᠢ ᠳ᠋ᠤ᠌ ᠵᠣᠷᠢᠭᠤᠯᠤᠭᠰᠠᠨ ᠣᠯᠠᠨ ᠤᠯᠤᠰ ᠊ᠤᠨ

 ᠡᠷᠳᠡᠮ ᠰᠢᠨᠵᠢᠯᠡᠭᠡᠨ ᠦ ᠬᠤᠷᠠᠯ ᠤᠨ ᠦᠭᠦᠯᠡᠯ ᠊ᠤᠨ ᠲᠡᠭᠦᠪᠦᠷᠢ≫ ᠬᠡᠪᠯᠡᠭᠳᠡᠭᠰᠡᠨ ᠦ ᠳᠤᠷᠠᠰᠬᠠᠯ ᠤᠨ  ᠬᠤᠷᠠᠯ

 ᠳᠡᠭᠡᠷ᠎ᠡ ᠰᠠᠷ᠎ᠠ ᠶᠢᠨ14  ᠳᠦ᠂ ᠮᠣᠩᠭᠣᠯ ᠲᠥᠪᠡᠳ ᠦᠨ ᠬᠣᠭᠣᠷᠤᠨᠳᠤ ᠬᠠᠷᠢᠯᠴᠠᠨ ᠬᠦᠯᠢᠶᠡᠨ ᠵᠥᠪᠰᠢᠶᠡᠷᠡᠬᠦ ᠭᠡᠷ᠎ᠡ ᠪᠠᠶᠢᠭᠤᠯᠤᠭᠰᠠᠨ ᠤ110 ᠵᠢᠯ ᠦᠨ ᠣᠢ ᠳᠤ ᠵᠣᠷᠢᠭᠤᠯᠤᠭᠰᠠᠨ ᠣᠯᠠᠨ ᠤᠯᠤᠰ ᠤᠨ ᠡᠷᠳᠡᠮ ᠰᠢᠨᠵᠢᠯᠡᠭᠡᠨ ᠦ ᠬᠤᠷᠠᠯ ᠤᠨ ᠦᠭᠦᠯᠡᠯ ᠦᠨ ᠲᠡᠭᠦᠪᠦᠷᠢ ᠶᠢᠨ ᠬᠡᠪᠯᠡᠭᠳᠡᠭᠰᠡᠨ ᠳᠤᠷᠠᠰᠬᠠᠯ ᠤᠨ ᠬᠤᠷᠠᠯ ᠲᠣᠣᠺᠢᠣ᠋ ᠳᠤ ᠪᠣᠯᠣᠭᠰᠠᠨ ᠪᠢᠯᠡ᠃ ᠲᠡᠭᠡᠪᠡᠯ ᠲᠤᠰ ᠰᠠᠷ᠎ᠠ ᠶᠢᠨ19( ᠪᠢᠮᠪᠠ ᠭᠠᠷᠠᠭ᠂ ᠭᠠᠷᠠᠭ ᠤᠨ ᠵᠢᠷᠭᠤᠭᠠᠨ)ᠳᠦ ᠤᠤᠰᠠᠺᠠ ᠳᠤ ᠵᠣᠬᠢᠶᠠᠨ ᠪᠠᠶᠢᠭᠤᠯᠤᠭᠳᠠᠬᠤ ᠪᠣᠯᠣᠨ᠎ᠠ᠃

ᠥᠩᠭᠡᠷᠡᠭᠰᠡᠨ ᠣᠨ(2023᠂07᠂15) ᠤ ᠳᠣᠯᠣᠳᠤᠭᠠᠷ ᠰᠠᠷ᠎ᠠ ᠳᠤ᠂ ᠲᠣᠣᠺᠢᠣ᠋ ᠶᠡᠬᠡ ᠰᠤᠷᠭᠠᠭᠤᠯᠢ ᠳᠤ ᠪᠣᠯᠣᠭᠰᠠᠨ≪ ᠮᠣᠩᠭᠣᠯ᠂ ᠲᠥᠪᠡᠳ ᠦᠨ ᠬᠣᠭᠣᠷᠣᠨᠳᠤ ᠬᠠᠷᠢᠯᠴᠠᠨ ᠬᠦᠯᠢᠶᠡᠨ ᠵᠥᠪᠰᠢᠶᠡᠷᠡᠬᠦ ᠭᠡᠷ᠎ᠡ ᠪᠠᠶᠢᠭᠤᠯᠤᠭᠰᠠᠨ ᠤ110 ᠵᠢᠯ ᠦᠨ ᠣᠢ ᠳᠤ ᠵᠣᠷᠢᠭᠤᠯᠤᠭᠰᠠᠨ ᠡᠷᠳᠡᠮ ᠰᠢᠨᠵᠢᠯᠡᠭᠡᠨ ᠦ ᠬᠤᠷᠠᠯ≫ ᠳᠤ ᠣᠷᠣᠯᠴᠠᠨ ᠢᠯᠡᠳᠭᠡᠯ ᠬᠢᠭᠰᠡᠨ ᠡᠷᠳᠡᠮᠲᠡᠨ ᠰᠣᠳᠤᠯᠤᠭᠠᠴᠢ ᠨᠠᠷ ᠤᠨ ᠦᠭᠦᠯᠡᠯ ᠦᠨ ᠡᠮᠬᠢᠳᠭᠡᠯ ᠬᠡᠪᠯᠡᠭᠳᠡᠨ ᠭᠠᠷᠤᠯ᠎ᠠ᠃  ᠲᠤᠰ ᠥᠭᠦᠯᠡᠯ ᠦᠨ ᠲᠡᠭᠦᠪᠦᠷᠢ ᠶᠢ ᠠᠮᠠᠽᠤᠨ ᠳᠡᠭᠡᠷ᠎ᠡ ᠡᠴᠡ ᠴᠤ ᠬᠤᠳᠠᠯᠳᠤᠨ ᠠᠪᠬᠤ ᠪᠣᠯᠣᠮᠵᠢᠲᠠᠢ᠃

ᠮᠣᠷᠢᠯᠠᠨ ᠰᠠᠭᠠᠲᠠᠮᠤ︕

 ᠬᠡᠵᠢᠶ᠎ᠡ᠄10 ᠳ᠋ᠤᠭᠠᠷ ᠰᠠᠷ᠎ᠠ ᠶᠢᠨ19 ᠦ ᠡᠳᠦᠷ( ᠪᠢᠮᠪᠠ ᠭᠠᠷᠠᠭ)

       ᠦᠳᠡ ᠶᠢᠨ ᠡᠮᠦᠨᠡᠬᠢ10 ᠴᠠᠭ ᠠᠴᠠ ᠡᠬᠢᠯᠡᠨ᠎ᠡ᠃

 ᠬᠠᠮᠢᠭ᠎ᠠ᠄ ᠤᠤᠰᠠᠺᠠ ᠬᠣᠲᠠ ᠶᠢᠨ ᠨᠠᠮᠪᠠ ᠢᠷᠡᠭᠡᠨ ᠦ ᠲᠥᠪ ᠦᠨ ᠨᠢᠭᠡᠳᠦᠭᠡᠷ ᠬᠤᠷᠠᠯ᠎ᠠ ᠶᠢᠨ ᠭᠡᠷ( ᠤᠤᠰᠠᠺᠠ ᠬᠣᠲᠠ ᠶᠢᠨ ᠨᠠᠨᠢᠸᠠ ᠲᠣᠭᠣᠷᠢᠭ ᠤᠨ ᠮᠢᠨᠠᠲ᠋ᠣ1-4-1 OCATᠠᠰᠠᠷ ᠤᠨF4)

ᠵᠣᠬᠢᠶᠠᠨ ᠪᠠᠶᠢᠭᠤᠯᠤᠭᠴᠢ᠄ ᠡᠮᠦᠨᠡᠲᠦ ᠮᠣᠩᠭᠣᠯ ᠤᠨ ᠶᠡᠬᠡ ᠬᠤᠷᠠᠯᠳᠠᠢ

ᠬᠣᠯᠪᠤᠭ᠎ᠠ ᠪᠠᠷᠢᠬᠤinfo@southmongolia.org

 ᠣᠷᠣᠯᠴᠠᠬᠤ ᠲᠦᠯᠦᠪᠦᠷᠢ᠄2000 ᠶᠠᠫᠣᠨ ᠶᠸᠨ( ᠦᠭᠦᠯᠡᠯ ᠦᠨ ᠲᠡᠭᠦᠪᠦᠷᠢ ᠪᠡᠯᠡᠭᠯᠡᠨ᠎ᠡ)

ᠢᠯᠡᠳᠭᠡᠯ ᠬᠢᠭᠴᠢᠳ

ᠭᠣᠪᠤᠷᠤᠳ ᠠᠷᠴᠠ ( ᠺᠣᠪᠸ ᠶᠡᠬᠡ ᠰᠣᠷᠭᠠᠭᠤᠯᠢ ᠶᠢᠨ ᠴᠠᠭ ᠤᠨ ᠪᠠᠭᠰᠢ᠂ ᠳ᠋ᠣᠺᠲ᠋ᠣᠷ᠂ ᠺᠣᠪᠸ ᠶᠡᠬᠡ ᠰᠤᠷᠭᠠᠭᠤᠯᠢ ᠶᠢᠨ ᠣᠯᠠᠨ ᠤᠯᠤᠰ ᠤᠨ ᠰᠣᠶᠣᠯ ᠰᠣᠳᠤᠯᠤᠯᠭᠠᠨ ᠤ ᠬᠦᠷᠢᠶᠡᠯᠡᠩ ᠦᠨ ᠰᠣᠳᠣᠯᠣᠭᠠᠴᠢ)

ᠰ᠂ ᠪᠣᠶᠠᠨᠲᠦ( ᠰ᠂ ᠬᠥᠬᠡ᠂ᠲᠤᠤᠶ᠋ᠢᠨ ᠶᠣᠺᠣᠬᠠᠮᠠᠠ ᠶᠡᠬᠡ ᠰᠤᠷᠭᠠᠭᠤᠯᠢ ᠶᠢᠨ ᠬᠠᠣᠯᠢ ᠵᠦᠢ ᠶᠢᠨ ᠰᠠᠯᠪᠣᠷᠢ ᠶᠢᠨ ᠴᠠᠭ ᠤᠨ ᠪᠠᠭᠰᠢ᠂ ᠳ᠋ᠣᠺᠲ᠋ᠣᠷ᠂ ᠵᠣᠬᠢᠶᠠᠯᠴᠢ᠂ ᠬᠢᠲᠠᠳ ᠤᠨ ᠣᠷᠴᠢᠨ ᠦᠶ᠎ᠡ ᠶᠢᠨ ᠤᠯᠤᠰ ᠲᠥᠷᠥ᠂ ᠥᠪᠥᠷ ᠮᠣᠩᠭᠣᠯ ᠤᠨ ᠣᠷᠴᠢᠨ ᠦᠶ᠎ᠡ ᠶᠢᠨ ᠨᠡᠶᠢᠭᠡᠮ᠂ ᠤᠯᠤᠰ ᠲᠥᠷᠥ ᠰᠣᠳᠤᠯᠤᠭᠠᠴᠢ)

ᠣ᠂ ᠥᠷᠭᠡᠨ( ᠳ᠋ᠣᠺᠲ᠋ᠣᠷ᠂ ᠡᠮᠦᠨᠡᠲᠦ ᠮᠣᠩᠭᠣᠯ ᠤᠨ ᠶᠡᠬᠡ ᠬᠤᠷᠠᠯᠳᠠᠢ ᠶᠢᠨ ᠳᠡᠳ᠋ ᠲᠡᠷᠢᠭᠦᠨ)

ᠠᠪᠤᠤ ᠲᠣᠮᠣᠺᠤ(ᠷᠢᠲ᠋ᠠ ᠷᠢᠲ᠋ᠠ ᠬᠤᠷᠠᠯ ᠤᠨ ᠲᠡᠷᠢᠭᠦᠨ)

info@southmongolia.org